ᠦᠷᠡᠴᠢᠯᠡᠨ ᠲᠡᠵᠢᠭᠡᠬᠦ ᠲᠠᠩᠰᠠᠯᠠᠯᠳᠠ ᠬᠢᠬᠦ   ︵ᠰᠢᠨ᠎ᠡ︶
ᠨᠡᠶᠢᠲᠡᠯᠡᠭᠰᠡᠨ ᠴᠠᠭ᠄
2018-06-13
ᠭᠦᠢᠴᠡᠳᠭᠡᠬᠦ ᠶᠠᠪᠤᠳᠠᠯ ᠤᠳ  ᠄   ᠦᠷᠡᠴᠢᠯᠡᠨ ᠲᠡᠵᠢᠭᠡᠬᠦ ᠲᠠᠩᠰᠠᠯᠠᠯᠳᠠ ᠬᠢᠬᠦ   ︵ᠰᠢᠨ᠎ᠡ︶ ᠬᠦᠯᠢᠶᠠᠨ ᠠᠪᠴᠤ ᠰᠢᠢᠳᠪᠦᠷᠢᠯᠡᠬᠦ ᠶᠢ ᠭᠤᠶᠤᠴᠢᠯᠠᠬᠤ ᠨᠦᠬᠦᠴᠡᠯ ᠄   ︽ᠦᠷᠡᠴᠢᠯᠡᠨ ᠲᠡᠵᠢᠭᠡᠬᠦ ᠬᠠᠥᠯᠢ︾   ᠶᠢᠨ ᠲᠤᠭᠳᠠᠭᠠᠯ ᠳᠤ ᠨᠡᠶᠢᠴᠡᠭᠰᠡᠨ᠂ ᠮᠠᠲ᠋ᠧᠷᠢᠶᠠᠯ ᠪᠦᠷᠢᠨ ᠭᠦᠢᠴᠡᠳ ᠮᠡᠳᠡᠭᠦᠯᠬᠦ   ᠮᠠᠲ᠋ᠧᠷᠢᠶᠠᠯ  ᠄ 1. ᠦᠷᠡᠴᠢᠯᠡᠨ ᠲᠡᠵᠢᠬᠡᠬᠦ ᠶᠢ ᠲᠠᠩᠰᠠᠯᠠᠬᠤ ᠶᠢ ᠭᠤᠶᠤᠴᠢᠯᠠᠬᠤ ᠬᠦᠰᠦᠨᠦᠭᠳᠦ ︵ᠪᠤᠳᠠᠳᠠᠢ ᠮᠠᠲ᠋ᠧᠷᠢᠶᠠᠯ ᠢ   ᠵᠡᠭᠦᠯᠳᠡ ᠶᠢᠨ ᠬᠡᠰᠡᠭ ᠲᠤ ᠲᠤᠳᠤᠷᠬᠠᠶᠢᠯᠠᠨ᠎ᠠ︶ 2.  14 ᠪᠦᠬᠦᠯᠢ ᠨᠠᠰᠤ ᠬᠦᠷᠦᠭᠡᠳᠦᠢ ᠨᠠᠰᠤᠡ  ᠳᠤ ᠦᠯᠦ ᠬᠦᠷᠦᠭᠰᠡᠳ ᠢ ᠦᠷᠡᠴᠢᠯᠡᠨ ᠲᠡᠵᠢᠭᠡᠵᠦ ᠪᠤᠯᠤᠨ᠎ᠠ  3. ᠦᠷᠡᠴᠢᠯᠡᠨ ᠲᠡᠵᠢᠭᠡᠭᠴᠢ ᠶᠢᠨ ᠰᠠᠭᠤᠭᠠᠯᠢ ᠠᠷᠠᠳ ᠤᠨ ᠡᠷᠦᠭᠡ ᠠᠮᠠ ᠶᠢᠨ ᠲᠠᠩᠰᠠᠨ ᠤ ᠲᠡᠪᠳᠡᠷ ᠪᠠ ᠪᠡᠶ᠎ᠡ ᠶᠢᠨ ᠦᠨᠡᠮᠯᠡᠯ ᠤᠨ ᠤᠭ ᠵᠦᠢᠯ ᠪᠤᠶᠤ ᠬᠠᠭᠤᠯᠠᠪᠤᠷᠢ ᠵᠦᠢᠯ᠂ ᠦᠷᠡᠴᠢᠯᠡᠨ ᠲᠡᠵᠢᠭᠡᠭᠴᠢ ᠡᠷ᠎ᠡ ᠡᠮ᠎ᠡ ᠬᠤᠶᠠᠭᠤᠯᠠ ᠪᠤᠯ ᠤᠷᠤᠭ ᠤᠨ ᠤ‍ ᠵᠨᠠᠮᠠᠯ   ᠤᠨ ᠤᠭ ᠵᠦᠢᠯ ᠪᠤᠶᠤ ᠬᠠᠭᠤᠯᠠᠪᠤᠷᠢ ᠵᠦᠢᠯ ᠢ ᠬᠠᠩᠭᠠᠨ᠎ᠠ  4. ᠲᠡᠵᠢᠬᠡᠨ ᠠᠷᠠᠴᠢᠯᠠᠭᠴᠢ ᠶᠢᠨ ᠠᠵᠢᠯᠯᠠᠵᠤ ᠪᠠᠶᠢᠬᠤ ᠪᠠᠶᠢᠭᠤᠯᠭ᠎ᠠ   ᠪᠠ ᠲᠤᠰᠬᠤᠨ ᠤ ᠠᠷᠠᠳ ᠤᠨ ᠵᠦᠪᠯᠡᠯ᠂ ᠰᠠᠭᠤᠭᠠᠯᠢ ᠠᠷᠠᠳ ᠤᠨ ᠵᠦᠪᠯᠡᠯ ᠠᠴᠠ ᠭᠡᠷᠡᠴᠢᠯᠡᠭᠰᠡᠨ ᠠᠮᠢᠳᠤᠷᠠᠯ ᠤᠨ ᠪᠠᠶᠢᠳᠠᠯ ᠤᠨ ᠭᠡᠷᠡᠴᠢ᠂ ᠲᠤᠬᠠᠢ ᠶᠢᠨ ᠭᠠᠵᠠᠷ ᠤᠨ ᠬᠦᠮᠦᠨ ᠠᠮᠠ ᠪᠠ ᠲᠦᠯᠦᠪᠯᠡᠭᠡᠳᠦ ᠦᠷᠡᠵᠢᠯ ᠤᠨ ᠰᠠᠯᠠᠭ᠎ᠠ ᠮᠦᠴᠢᠷ ᠠᠴᠠ ᠭᠡᠷᠡᠴᠢᠯᠡᠭᠰᠡᠨ ᠤᠷᠤᠭ ᠤᠨ ᠪᠠᠶᠢᠳᠠᠯ᠂ ᠦᠷ᠎ᠡ ᠬᠡᠥᠬᠡᠳ ᠪᠠᠶᠢᠬᠤ ᠡᠰᠡᠬᠦ ᠶᠢᠨ ᠭᠡᠷᠡᠴᠢ ᠲᠡᠮᠳᠡᠭ᠃  5. ᠲᠡᠵᠢᠭᠡᠨ ᠠᠷᠠᠴᠢᠯᠠᠭᠴᠢ ᠠᠴᠠ ᠲᠦᠷᠦᠭᠰᠡᠨ ᠡᠴᠢᠭᠡ ᠡᠬᠡ ᠶᠢ ᠨᠢ ᠡᠷᠢᠵᠦ ᠤᠯᠬᠤ ᠦᠭᠡᠢ ᠪᠤᠯᠤᠭᠰᠠᠨ ᠭᠤᠯᠤᠭᠳᠠᠯ ᠨᠢᠯᠬ᠎ᠠ ᠪᠠ ᠵᠢᠭᠠᠯ ᠬᠡᠥᠬᠡᠳ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠭᠡᠷᠡᠴᠢᠯᠡᠭᠰᠡᠨ ᠤᠯᠵᠤ ᠠᠪᠤᠭᠰᠠᠨ ᠭᠤᠯᠤᠭᠳᠠᠯ ᠬᠡᠥᠬᠡᠳ᠂ ᠵᠢᠭᠠᠯ ᠬᠡᠥᠬᠡᠳ ᠬᠡᠷᠡᠭ ᠮᠡᠳᠡᠭᠦᠯᠵᠦ ᠯᠠᠪᠯᠠᠨ ᠠᠰᠠᠭᠤᠭᠰᠠᠨ ᠲᠡᠮᠳᠡᠭᠯᠡᠯ ᠤᠨ ᠮᠠᠲ᠋ᠧᠷᠢᠠᠶ᠋ᠯ ︵ᠬᠤᠶᠠᠷ ᠭᠡᠷᠡᠴᠢᠯᠡᠭᠴᠢ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠠᠰᠠᠭᠤᠨ ᠯᠠᠪᠯᠠᠭᠰᠠᠨ ᠲᠡᠮᠳᠡᠭᠯᠡᠯ ᠤᠨ ᠮᠠᠲ᠋ᠧᠷᠢᠶᠠᠯ ᠢ ᠪᠠᠭᠳᠠᠭᠠᠨ᠎ᠠ︶  6.   ᠰᠢᠶᠠᠨ ᠤ ᠲᠡᠰ ᠠᠴᠠ ᠲᠡᠭᠡᠭᠰᠢ ᠡᠮᠨᠡᠯᠭᠡ ᠶᠢᠨ ᠰᠠᠯᠠᠭ᠎ᠠ ᠮᠦᠴᠢᠷ ᠠᠴᠠ ᠭᠡᠷᠡᠴᠢᠯᠡᠭᠰᠡᠨ ᠡᠮᠨᠡᠯᠭᠡ ᠶᠢᠨ ᠤᠬᠠᠭᠠᠨ ᠲᠡᠭᠡᠷ᠎ᠡ ᠦᠷ᠎ᠡ ᠬᠡᠥᠬᠡᠳ ᠦᠷᠡᠴᠢᠯᠡᠨ ᠲᠡᠵᠢᠭᠡᠵᠦ ᠪᠤᠯᠬᠤ ᠦᠭᠡᠢ ᠡᠪᠡᠳᠴᠢᠨ ᠬᠦᠷᠦᠭᠰᠡᠨ ᠦᠭᠡᠢ ᠡᠷᠡᠭᠦᠯ ᠮᠡᠨᠳᠦ ᠶᠢᠨ ᠪᠠᠶᠢᠴᠠᠭᠠᠯᠳᠠ ᠶᠢᠨ ᠭᠡᠷᠡᠴᠢ  7. ᠦᠷᠡᠴᠢᠯᠡᠨ ᠲᠡᠵᠢᠭᠡᠭᠴᠢ ᠰᠠᠭᠤᠭᠠᠯᠢ ᠠᠷᠠᠳ ᠤᠨ ᠡᠷᠦᠭᠡ ᠠᠮᠠ ᠶᠢᠨ ᠲᠡᠪᠳᠡᠷ᠂ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠪᠠ ᠦᠷᠡᠴᠢᠯᠡᠨ ᠲᠡᠵᠢᠭᠡᠭᠳᠡᠭᠴᠢ ᠶᠢᠨ ᠲᠦᠷᠦᠭᠰᠡᠨ ᠡᠴᠢᠬᠡ ᠪᠤᠶᠤ ᠡᠬᠡ ᠶᠢᠨ ᠤᠷᠤᠭ ᠤᠨ ᠦᠨᠡᠮᠯᠡᠯ ᠢ ᠲᠤᠰᠢᠶᠠᠬᠤ ᠬᠡᠷᠡᠭᠳᠡᠢ  8. ᠦᠷ᠎ᠡ ᠬᠡᠥᠬᠡᠳ ᠢ ᠭᠤᠷᠪᠠᠨ ᠦᠶ᠎ᠡ ᠶᠢᠨ ᠲᠤᠳᠤᠷᠠᠬᠢ ᠦᠶ᠎ᠡ ᠰᠠᠴᠠᠭᠤ ᠰᠢᠭᠤᠳ ᠪᠤᠰᠤ ᠴᠢᠰᠤᠨ ᠲᠦᠷᠦᠯ ᠠᠴᠠ ᠦᠷᠡᠴᠢᠯᠡᠨ ᠲᠡᠵᠢᠭᠡᠭᠰᠡᠨ ᠪᠠᠶᠢᠪᠠᠯ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠭᠡᠷᠴᠢᠯᠡᠭᠰᠡᠨ ᠪᠤᠶᠤ ᠠᠯᠪᠠᠨ ᠠᠴᠠ   ᠭᠡᠷᠡᠴᠢᠯᠡᠭᠰᠡᠨ ᠦᠷᠡᠴᠢᠯᠡᠨ ᠲᠡᠵᠢᠭᠡᠭᠴᠢ ᠲᠠᠢ ᠤᠶᠢᠷ᠎ᠠ ᠲᠦᠷᠦᠯ   ᠤᠨ ᠬᠠᠷᠢᠴᠠᠭ᠎ᠠ ᠲᠠᠢ ᠭᠡᠷᠡᠴᠢ ᠶᠢ ᠲᠤᠰᠢᠶᠠᠵᠤ᠂ ᠪᠠᠰᠠ ᠠᠯᠪᠠᠨ ᠭᠡᠷᠡᠴᠢᠯᠡᠭᠡᠨ ᠤ ᠭᠠᠵᠠᠷ ᠠᠴᠠ   ᠭᠡᠷᠡᠴᠢᠯᠡᠭᠰᠡᠨ ᠬᠤᠶᠠᠷ ᠡᠳᠡᠭᠡᠳ ᠤᠨ ᠦᠷᠡᠴᠢᠯᠡᠨ ᠲᠡᠵᠢᠭᠡᠬᠦ ᠵᠦᠪᠯᠡᠯᠭᠡ ᠶᠢ ᠬᠠᠩᠭᠠᠨ᠎ᠠ  9. ᠲᠦᠷᠦᠭᠰᠡᠨ ᠡᠴᠢᠭᠡ ᠡᠬᠡ ᠨᠢ   ᠪᠤᠰᠤᠳ ᠲᠤ ᠦᠷᠡᠴᠢᠯᠡᠨ ᠲᠡᠵᠢᠭᠡᠯᠭᠡᠭᠰᠡᠨ ᠪᠠᠶᠢᠪᠠᠯ᠂ ᠲᠤᠬᠠᠢ ᠶᠢᠨ ᠭᠠᠵᠠᠷ ᠤᠨ ᠲᠦᠯᠦᠪᠯᠡᠭᠡᠳᠤ ᠦᠷᠡᠵᠢᠯ ᠤᠨ ᠰᠠᠯᠠᠭ᠎ᠠ ᠮᠦᠴᠢᠷ ᠤᠨ ᠭᠡᠷᠡᠴᠢᠯᠡᠭᠰᠡᠨ ᠲᠦᠯᠦᠪᠯᠡᠭᠡᠳᠦ ᠦᠷᠡᠵᠢᠯ ᠤᠨ ᠲᠦᠷᠢᠮ ᠲᠤᠭᠳᠠᠭᠠᠯ ᠢ ᠵᠦᠷᠢᠴᠡᠭᠰᠡᠨ ᠦᠭᠡᠢ ᠭᠡᠷᠡᠴᠢ ᠲᠡᠮᠳᠡᠭ ᠢ ᠲᠤᠰᠢᠶᠠᠬᠤ   ᠬᠡᠷᠡᠭᠳᠡᠢ᠃  10. ᠤᠨᠴᠠᠭᠠᠢ ᠬᠦᠴᠢᠷᠳᠡᠯ ᠲᠠᠢ ᠦᠷ᠎ᠡ ᠬᠡᠥᠬᠡᠳ ᠢᠶᠠᠨ ᠦᠰᠭᠡᠨ ᠪᠤᠶᠢᠵᠢᠭᠤᠯᠵᠤ ᠲᠡᠶᠢᠯᠬᠦ ᠦᠭᠡᠢ ᠪᠠᠶᠢᠪᠠᠯ᠂ ᠠᠵᠢᠯᠯᠠᠵᠤ ᠪᠠᠶᠢᠬᠤ ᠪᠠᠶᠢᠭᠤᠯᠭ᠎ᠠ᠂ ᠲᠤᠰᠬᠤᠨ ᠤ ᠠᠷᠠᠳ ᠤᠨ ᠵᠦᠪᠯᠡᠯ᠂ ᠰᠠᠭᠤᠭᠠᠯᠢ ᠠᠷᠠᠳ ᠤᠨ ᠵᠦᠪᠯᠡᠯ ᠠᠴᠠ   ᠭᠡᠷᠡᠴᠢᠯᠡᠭᠰᠡᠨ ᠪᠤᠰᠤᠳ ᠲᠤ ᠦᠷᠡᠴᠢᠯᠡᠨ ᠲᠡᠵᠢᠭᠡᠯᠬᠡᠬᠦ ᠤᠨᠴᠠᠭᠠᠢ ᠬᠦᠴᠢᠷᠳᠡᠯ ᠲᠠᠢ ᠪᠠᠶᠢᠬᠤ ᠭᠡᠷᠡᠴᠢ ᠶᠢ ᠲᠤᠰᠢᠶᠠᠬᠤ ᠬᠡᠷᠡᠭᠳᠡᠢ᠃ ᠵᠦᠪᠰᠢᠶᠡᠷᠡᠨ ᠬᠦᠯᠢᠶᠡᠬᠦ ᠬᠤᠭᠤᠴᠠᠭᠠᠨ ᠤ ᠬᠢᠵᠠᠭᠠᠷᠯᠠᠯ ᠄ 8 ᠠᠵᠢᠯᠯᠠᠬᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号