ᠨᠢᠭᠡᠨ ᠰᠡᠦᠨᠬᠦᠯ ᠳᠤ ᠮᠡᠳᠡᠭᠡᠯᠡᠭᠰᠡᠨ ᠢ ᠥᠨᠳᠦᠰᠦᠯᠡᠪᠡᠯ᠂ ᠭᠠᠳᠠᠭᠠᠳᠤ ᠳᠤ ᠭᠠᠷᠴᠤ ᠠᠵᠢᠯ ᠬᠢᠳᠡᠭ᠂ ᠨᠡᠩ | ᠢᠯᠠᠩᠭᠤᠶ᠎ᠠ ᠤᠶᠢᠯᠡᠴᠢᠯᠡᠭᠡᠨ ᠤ ᠬᠦᠴᠦ ᠶᠠᠪᠤᠳᠠᠭ ᠹᠢᠯᠢᠫᠢᠨ ᠬᠦᠮᠦᠨ ᠣᠯᠠᠨ ᠪᠠᠶᠢᠳᠠᠭ ᠪᠦᠭᠡᠦᠨ ᠹᠢᠯᠢᠫᠢᠨ ᠤ | ᠤᠶᠢᠯᠡᠴᠢᠯᠡᠭᠴᠢ ᠶᠡᠭᠡ ᠨᠡᠷᠡᠲᠡᠢ᠃ ᠳᠡᠳᠡᠨᠦᠰ ᠤᠨ ᠳᠣᠳᠤᠷ᠎ᠠ ᠡᠮᠡᠭᠲᠡᠶᠢᠴᠦᠳ ᠳᠡᠶᠢᠯᠦᠩᠭᠢ ᠪᠠᠶᠢᠷᠢ ᠶᠢ ᠡᠵᠡᠯᠡᠨ᠎ᠡ᠃ | ᠹᠢᠯᠢᠫᠢᠨ ᠤ ᠤᠶᠢᠯᠡᠴᠢᠯᠡᠭᠴᠢ ᠨᠠᠷ ᠰᠣᠶᠣᠯ ᠪᠣᠯᠪᠠᠰᠤᠷᠠᠯ ᠢᠶᠠᠷ ᠥᠨᠳᠥᠷ᠂ ᠠᠵᠢᠯ ᠳᠠᠭᠠᠨ ᠰᠠᠶᠢᠨ ᠪᠣᠯᠬᠤᠷ | ᠰᠢᠶᠠᠩᠭᠠᠩ᠂ ᠰᠢᠩᠭᠠᠫᠤᠷ᠂ ᠠᠷᠠᠪ ᠤᠨ ᠪᠠᠶᠠᠨ ᠠᠶᠢᠯ ᠤᠳ ᠳᠤᠷᠠᠲᠠᠶ᠎ᠠ ᠬᠥᠯᠦᠰᠦᠯᠡᠨ ᠵᠠᠷᠤᠳᠠᠭ ᠭᠡᠨ᠎ᠡ᠃ | ᠹᠢᠯᠢᠫᠢᠨ ᠤ ᠤᠶᠢᠯᠡᠴᠢᠯᠡᠭᠴᠢ ᠨᠠᠷ ᠨᠢᠬᠲᠠᠷᠠᠯ ᠪᠥᠯᠭᠦᠮᠳᠡᠯ ᠰᠠᠶᠢᠲᠠᠢ᠂ ᠨᠣᠮ ᠶᠡᠭᠡ ᠤᠩᠰᠢᠳᠠᠭ ᠭᠡᠨ᠎ᠡ᠃ | ᠬᠠᠮᠢᠭ᠎ᠠ ᠬᠦᠷᠦᠭᠰᠡᠨ ᠴᠤ ᠬᠤᠭᠤᠷᠤᠨᠳᠤ ᠪᠠᠨ ᠲᠥᠷᠭᠡᠨ ᠲᠠᠨᠢᠯᠴᠠᠵᠤ᠂ ᠬᠤᠯᠪᠤᠭ᠎ᠠ ᠬᠠᠷᠢᠯᠴᠠᠭ᠎ᠠ ᠠᠪᠤᠯᠴᠠᠨ ᠨᠢᠭᠡᠨ | ᠨᠢᠭᠡ ᠳᠡᠭᠡᠨ ᠳᠤᠰᠠ ᠳᠠᠮ ᠪᠣᠯᠵᠤ ᠪᠠᠶᠢᠳᠠᠭ ᠪᠦᠭᠡᠦᠨ ᠶᠠᠭᠤᠨ ᠤ ᠡᠮᠦᠨ᠎ᠡ ᠥᠪᠡᠷᠰᠡᠳ ᠤᠨ ᠢᠶᠠᠨ ᠭᠡᠰᠡᠨ ᠰᠣᠨᠢᠨ | ᠬᠡᠪᠯᠡᠯ ᠭᠠᠷᠭᠠᠵᠤ᠂ ᠨᠡᠷ᠎ᠡ ᠴᠤᠤ ᠲᠠᠢ ᠶᠠᠪᠤᠳᠠᠭ ᠭᠡᠨ᠎ᠡ᠃ | ᠹᠢᠯᠢᠫᠢᠨᠴᠦᠳ ᠪᠣᠯ ᠥᠪᠡᠷ ᠤᠨ ᠬᠡᠯᠡ ᠪᠤᠶᠤ ᠠᠩᠭ᠍ᠯᠢ ᠬᠡᠯᠡ ᠪᠠᠷ ᠰᠠᠶᠢᠨ ᠶᠠᠷᠢᠳᠠᠭ ᠤᠯᠤᠰ᠃ ᠲᠡᠶᠢᠮᠦ ᠠᠴᠠ | ᠠᠯᠢ ᠭᠦᠷᠦᠨ ᠳᠤ ᠪᠠᠶᠢᠬᠰᠠᠨ ᠴᠤ ᠭᠠᠭᠴᠠᠭᠠᠷᠳᠠᠬᠤ ᠦᠭᠡᠢ᠃ ᠬᠡᠯᠡ ᠰᠣᠶᠣᠯ ᠢᠶᠠᠨ ᠣᠷᠬᠢᠬᠤ ᠦᠭᠡᠢ ᠬᠥᠯ | ᠳᠣᠬᠲᠠᠨ ᠠᠮᠢᠳᠤᠷᠠᠵᠤ ᠴᠢᠳᠠᠳᠠᠭ᠃ ᠹᠢᠯᠢᠫᠢᠨ ᠤ ᠤᠶᠢᠯᠡᠴᠢᠯᠡᠭᠴᠢ ᠨᠠᠷ ᠣᠯᠤᠬᠰᠠᠨ ᠮᠥᠩᠭᠦ ᠪᠠᠷ ᠢᠶᠠᠨ ᠠᠷᠤ | ᠭᠡᠷ ᠢᠶᠠᠨ ᠡᠷᠭᠦᠨ ᠳᠡᠦᠨᠬᠦᠳᠡᠭ ᠢᠶᠠᠷ ᠪᠠᠷᠠᠬᠤ ᠦᠭᠡᠢ᠂ ᠡᠬᠡ ᠤᠯᠤᠰ ᠲᠠᠭᠠᠨ ᠥᠯᠡᠮᠵᠢ ᠬᠡᠮᠵᠢᠶᠡᠨ ᠤ ᠭᠠᠳᠠᠭᠠᠳᠤ | ᠭᠤᠪᠢᠭᠤᠯᠭ᠎ᠠ ᠶᠢᠨ ᠣᠷᠤᠯᠭ᠎ᠠ ᠨᠡᠮᠡᠷᠢᠯᠡᠳᠡᠭ ᠭᠡᠨ᠎ᠡ᠃ ᠡᠨᠡ ᠨᠢ ᠹᠢᠯᠢᠫᠢᠨᠴᠦᠳ ᠤᠨ ᠤᠬᠠᠮᠰᠠᠷ ᠪᠣᠯᠪᠠᠰᠤᠷᠠᠯ ᠥᠨᠳᠦᠷ | ᠪᠠᠶᠢᠭ᠎ᠠ ᠶᠢᠨ ᠪᠤᠳᠠᠳᠤ ᠢᠯᠡᠷᠡᠯ ᠤᠳ ᠪᠣᠯᠤᠨ᠎ᠠ᠃ | ᠮᠠᠨ ᠤ ᠮᠤᠩᠭᠤᠯᠴᠣᠤᠨ ᠣᠳᠣᠬᠠᠨ ᠳᠠᠭᠠᠨ ᠪᠠᠰᠠ ᠬᠠᠷᠢ ᠤᠯᠤᠰ ᠢᠶᠠᠷ ᠶᠠᠪᠤᠬᠤ ᠪᠣᠯᠤᠬᠰᠠᠨ ᠪᠦᠭᠡᠦᠨ | ᠤᠯᠤᠰ ᠤᠨ ᠳᠣᠳᠤᠷ᠎ᠠ ᠴᠤ ᠠᠳᠡ ᠲᠡᠨᠳᠡ ᠶᠠᠪᠤᠵᠤ ᠬᠦᠴᠦ ᠬᠦᠯᠦᠰᠦ ᠶᠠᠪᠤᠬᠤ ᠪᠣᠯᠵᠠᠢ᠃ ᠡᠨᠡ ᠨᠢ ᠭᠠᠵᠠᠷ | ᠦᠵᠡᠵᠦ ᠨᠢᠳᠦ ᠨᠡᠭᠡᠬᠡᠬᠦ᠂ ᠵᠣᠭᠤᠰ ᠣᠯᠵᠤ ᠴᠢᠨᠡᠭᠡᠯᠢᠭᠵᠢᠨ ᠪᠠᠶᠠᠵᠢᠬᠤ᠂ ᠮᠡᠳᠡᠯᠭᠡ ᠪᠠᠨ ᠨᠡᠮᠡᠭᠳᠡᠭᠦᠯᠦᠨ | ᠴᠢᠳᠠᠪᠤᠷᠢ ᠪᠠᠨ ᠳᠡᠭᠡᠭᠰᠢᠯᠡᠭᠦᠯᠬᠦ ᠳᠤ ᠴᠦᠮ ᠠᠰᠢᠬᠲᠠᠢ ᠪᠠᠶᠢᠳᠠᠭ᠃ ᠡᠭᠦᠨ ᠳᠤ᠂ ᠹᠢᠯᠢᠫᠢᠨᠴᠦᠳ ᠤᠨ | ᠤᠶᠢᠯᠡᠴᠢᠯᠡᠭᠴᠢ ᠶᠢᠨ ᠵᠣᠷᠢᠭ ᠰᠠᠨᠠᠭ᠎ᠠ ᠶᠢ ᠰᠤᠷᠤᠯᠴᠠᠨ ᠪᠣᠯᠪᠠᠰᠤᠷᠠᠯ ᠪᠥᠯᠭᠦᠮᠳᠡᠯ ᠲᠠᠢ ᠶᠠᠪᠤᠪᠠᠯ ᠥᠪᠡᠷ ᠤᠨ | ᠪᠡᠶ᠎ᠡ ᠳᠤ ᠴᠢᠨᠢ ᠥᠯᠡᠮᠵᠢ ᠠᠰᠢᠬᠲᠠᠢ ᠮᠦᠷᠲᠡᠭᠡᠨ ᠦᠨᠳᠦᠰᠦᠲᠡᠨ ᠤᠬᠰᠠᠭ᠎ᠠ ᠪᠠᠨ ᠥᠭᠡᠳᠡ ᠳᠠᠲᠠᠬᠤ ᠳᠤ ᠦᠨᠡᠨᠬᠦ | ᠳᠤᠰᠠᠲᠠᠢ ᠪᠣᠯᠬᠤ ᠨᠢ ᠯᠠᠪᠲᠠᠢ ᠶᠤᠮ᠃ | ᠤᠶᠢᠯᠡᠴᠢᠯᠡᠭᠴᠢ ᠪᠣᠯᠤᠬᠰᠠᠤᠨ ᠲᠤ ᠥᠨᠳᠦᠷ ᠪᠣᠯᠪᠠᠰᠤᠷᠠᠯ ᠥᠯᠡᠮᠵᠢ ᠮᠡᠳᠡᠯᠭᠡ ᠬᠡᠷᠡᠭᠲᠡᠢ ᠰᠢᠦ ᠳ᠋ᠠ᠃ | ︵ᠯᠢ ᠪᠤᠶᠠᠨᠴᠤᠬᠯᠠ︶ |