ᠨᠠᠢᠮᠠᠨ ᠬᠤᠰᠢᠭᠤᠨ ᠤ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠪᠣᠯᠣᠨ | ᠬᠤᠰᠢᠭᠤᠨ ᠤ ᠡᠪᠯᠡᠯ ᠤᠨ ᠬᠤᠷᠢᠶ᠎ᠠ ᠶᠢᠨ ᠬᠠᠮᠳᠤᠷᠠᠨ ᠡᠷᠬᠢᠯᠡᠭᠰᠡᠨ ︿︿ᠨᠠᠢᠮᠠᠨ ᠬᠤᠰᠢᠭᠤᠨ ᠤ ᠬᠦᠳᠡᠭᠡ | ᠲᠣᠰᠬᠤᠨ ᠤ ᠵᠠᠯᠠᠭᠤᠴᠤᠳ ᠤᠨ ᠤᠶᠢᠯᠡᠰ ᠪᠣᠰᠬᠠᠬᠰᠠᠨ ᠮᠡᠳᠡᠭᠦᠯᠦᠯᠲᠡ ᠶᠢᠨ ᠬᠤᠷᠠᠯ﹀﹀ ᠳᠡᠭᠡᠷ᠎ᠡ᠂ ᠡᠶᠢᠮᠦ ᠨᠢᠭᠡᠨ | ᠤᠶᠢᠯᠡᠰ ᠪᠣᠰᠬᠠᠬᠴᠢ ᠥᠪᠡᠷ ᠤᠨ ᠥᠯᠦᠭᠡᠢ ᠨᠤᠲᠤᠭ ᠤᠨ ᠠᠬ᠎ᠠ ᠳᠡᠭᠦᠦ ᠨᠠᠷ ᠢᠶᠠᠨ ᠶᠠᠳᠠᠭᠤ ᠠᠴᠠ | ᠠᠩᠭᠢᠵᠢᠷᠠᠭᠤᠯᠤᠨ ᠪᠠᠶᠠᠵᠢᠯ ᠤᠨ ᠵᠠᠮ ᠳᠤ ᠬᠥᠳᠦᠯᠬᠦ ᠶᠢᠨ ᠲᠥᠯᠦᠭᠡ ᠭᠠᠳᠠᠷ ᠣᠷᠣᠨ ᠳᠤ ᠠᠮᠵᠢᠯᠲᠠ ᠰᠠᠶᠢᠲᠠᠢ | ᠣᠷᠤᠯᠭ᠎ᠠ ᠶᠡᠬᠡᠲᠡᠢ ᠠᠵᠢᠯ ᠢᠶᠠᠨ ᠬᠠᠶᠠᠵᠤ ᠨᠤᠲᠤᠭ ᠲᠠᠭᠠᠨ ᠪᠣᠴᠠᠨ ᠢᠷᠡᠵᠦ ᠤᠶᠢᠯᠡᠰ ᠪᠣᠰᠬᠠᠪᠠ᠃ ᠲᠡᠷᠡ ᠪᠣᠯ | ᠳᠠᠷᠤᠢ ᠲᠣᠰ ᠵᠣᠬᠢᠶᠠᠯ ᠤᠨ ᠡᠵᠡᠨ ᠪᠣᠤ ᠶᠦᠩ ᠱᠧᠩ ᠪᠣᠯᠤᠨ᠎ᠠ᠃ | ᠪᠣᠤ ᠶᠦᠩ ᠱᠧᠩ ᠪᠣᠯ ᠨᠠᠢᠮᠠᠨ ᠬᠤᠰᠢᠭᠤᠨ ᠤ ᠬᠤᠩᠬᠤᠷᠲᠠᠯ᠎ᠠ ᠰᠤᠮᠤ ᠶᠢᠨ ᠬᠠᠷᠠᠳᠡᠰᠬᠢ ᠭᠠᠴᠠᠭᠠᠨ ᠤ | ᠤᠣᠭᠠᠯ᠃ ᠲᠡᠷᠡ ᠪᠠᠷ ᠤᠶᠤᠲᠠᠨ ᠪᠣᠯᠵᠤ ᠥᠪᠥᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠠᠴᠠ | ᠲᠡᠭᠦᠰᠴᠡᠢ᠃ ᠲᠡᠭᠡᠭᠡᠳ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠨᠢᠭᠡᠨ | ᠢᠳᠡᠰᠢᠨ ᠨᠣᠭᠤᠭᠠᠨ ᠤ ᠰᠠᠭᠤᠷᠢᠨ ᠭᠠᠵᠠᠷ ᠲᠤ ᠥᠪᠡᠷ ᠤᠨ ᠰᠤᠷᠣᠬᠰᠠᠨ ᠲᠤᠰᠬᠠᠢ ᠮᠡᠷᠭᠡᠵᠢᠯ ᠤᠨ ᠮᠡᠳᠡᠯᠭᠡ ᠪᠠᠨ | ᠪᠠᠳᠠᠷᠠᠭᠤᠯᠵᠠᠢ᠃ ᠡᠭᠦᠨ ᠳᠤ ᠲᠡᠷᠡ ᠪᠠᠷ ᠣᠯᠠᠨ ᠤᠳᠠᠭ᠎ᠠ ᠱᠠᠨᠳᠦ᠋ᠩ ᠤᠨ ᠣᠨᠴᠠ ᠲᠥᠷᠥᠯ ᠤᠨ ᠲᠠᠷᠢᠮᠠᠯ ᠤᠨ | ᠰᠠᠭᠤᠷᠢᠨ ᠭᠠᠵᠠᠷ ᠢᠶᠠᠷ ᠲᠣᠭᠤᠷᠢᠨ ᠦᠵᠡᠨ ᠰᠤᠷᠤᠯᠴᠠᠵᠤ᠂ ᠤᠷᠭᠠᠨᠢᠭ ᠢᠳᠡᠰᠢᠨ ᠨᠤᠭᠤᠭᠠᠨ ᠤ ᠲᠠᠷᠢᠮᠠᠯ ᠤᠨ | ᠮᠡᠷᠭᠡᠵᠢᠯ ᠢ ᠡᠵᠡᠮᠰᠢᠵᠦ᠂ ᠤᠶᠢᠯᠡᠳᠦᠯᠭᠡ ᠪᠠᠷ ᠳᠠᠮᠵᠢᠨ ᠲᠡᠭᠦᠨ ᠤ ᠲᠤᠰᠬᠠᠢ ᠮᠡᠷᠭᠡᠵᠢᠯ ᠨᠢ ᠨᠡᠩ ᠪᠣᠯᠪᠠᠰᠤᠷᠠᠩᠭᠤᠢ | ᠪᠣᠯᠵᠤ᠂ ᠲᠤᠬᠠᠢ ᠶᠢᠨ ᠭᠠᠵᠠᠷ ᠤᠨ ᠣᠯᠠᠨ ᠲᠦᠮᠡᠨ ᠤ ᠠᠮᠢᠳᠤᠷᠠᠯ ᠨᠢ ᠡᠳᠥᠷ ᠠᠴᠠ ᠡᠳᠥᠷ ᠥᠭᠡᠳᠡᠯᠡᠵᠦ ᠪᠠᠶᠠᠵᠢᠵᠤ | ᠪᠦᠬᠦᠢ ᠳᠤ ᠪᠣᠤ ᠶᠦᠩ ᠱᠧᠩ ᠨᠤᠲᠤᠭ ᠤᠰᠤᠨ ᠤ ᠶᠠᠳᠠᠭᠤ ᠠᠷᠠᠳ ᠢᠶᠠᠨ ᠪᠣᠳᠤᠵᠤ᠂2014 ᠣᠨ ᠳᠤ | ᠨᠤᠲᠤᠭ ᠲᠠᠭᠠᠨ ᠪᠣᠴᠠᠨ ᠢᠷᠡᠵᠡᠢ᠃ | ᠬᠠᠷᠠᠳᠡᠰᠬᠢ ᠶᠢᠨ ᠭᠠᠵᠠᠷ ᠰᠢᠷᠣᠢ ᠳᠠᠴᠢᠷ ᠨᠢᠮᠭᠡᠨ᠂ ᠠᠮᠤ ᠪᠣᠳᠠᠭᠠᠨ ᠤ ᠤᠨᠠᠯᠲᠠ ᠳᠣᠤᠷ᠎ᠠ ᠳᠣᠬᠲᠠᠭᠤᠨ ᠪᠣᠰᠤ᠂ | ᠲᠠᠷᠢᠶᠠᠴᠢᠳ ᠤᠨ ᠣᠷᠤᠯᠭ᠎ᠠ ᠳᠣᠤᠷ᠎ᠠ ᠮᠦ ᠪᠦᠷᠢ ᠶᠢᠨ ᠴᠡᠪᠡᠷ ᠣᠷᠤᠯᠭ᠎ᠠ ᠬᠡᠳᠦᠬᠡᠨ ᠵᠠᠭᠤᠨ ᠲᠥᠭᠦᠷᠢᠭ ᠯᠠ | ᠪᠠᠶᠢᠯ᠎ᠠ᠃ ᠡᠶᠢᠨᠬᠦ᠂2015 ᠣᠨ ᠳᠤ ᠬᠡᠪ ᠲᠥᠷᠢᠮ ᠦᠵᠡᠭᠦᠯᠦᠨ ᠥᠪᠡᠷ ᠤᠨ ᠭᠠᠵᠠᠷ ᠲᠠᠭᠠᠨ ᠬᠤᠶᠠᠷ ᠤᠳᠠᠭ᠎ᠠ | ᠪᠤᠭᠤᠲᠠᠢ ᠪᠠ ᠭᠠᠶᠢᠮᠤ ᠡᠭᠡᠯᠵᠢᠯᠡᠨ ᠲᠠᠷᠢᠵᠤ᠂ ᠪᠤᠭᠤᠲᠠᠢ ᠶᠢᠨ ᠮᠦ ᠶᠢᠨ ᠣᠷᠤᠯᠭ᠎ᠠ ᠨᠢ1000 ᠲᠥᠭᠦᠷᠢᠭ | ᠭᠠᠶᠢᠮᠤ ᠶᠢᠨ ᠮᠦ ᠶᠢᠨ ᠣᠷᠤᠯᠭ᠎ᠠ ᠨᠢ1500 ᠲᠥᠭᠦᠷᠢᠭ ᠲᠤ ᠬᠦᠷᠴᠦ᠂ ᠮᠦ ᠨᠢᠭᠡᠴᠢ ᠶᠢᠨ ᠴᠡᠪᠡᠷ | ᠣᠷᠤᠯᠭ᠎ᠠ1500 ᠲᠥᠭᠦᠷᠢᠭ ᠲᠤ ᠬᠦᠷᠴᠡᠢ᠃2018 ᠣᠨ ᠳᠤ ᠡᠷᠲᠡ ᠪᠣᠯᠪᠠᠰᠤᠷᠠᠬᠤ ᠲᠦᠮᠦᠰᠦ ᠲᠠᠷᠢᠵᠤ | ᠭᠤᠤᠷᠰᠤᠨ ᠳᠤᠨᠢ ᠴᠠᠭᠠᠨ ᠨᠤᠭᠤᠭ᠎ᠠ᠂ ᠯᠣᠤᠪᠠᠩ᠂ ᠭᠠᠶᠢᠮᠤ ᠲᠣᠷᠰᠢᠨ ᠲᠠᠷᠢᠵᠤ᠂ ᠮᠦ ᠪᠦᠷᠢ ᠶᠢᠨ ᠴᠡᠪᠡᠷ | ᠣᠷᠤᠯᠭ᠎ᠠ1000 ᠭᠠᠷᠤᠢ ᠲᠥᠭᠦᠷᠢᠭ ᠲᠤ ᠬᠦᠷᠴᠡᠢ᠃ ᠤᠶᠢᠯᠡᠳᠦᠯᠭᠡ ᠪᠠᠷ ᠳᠠᠮᠵᠢᠨ ᠲᠣᠰᠬᠤᠨ ᠤ ᠠᠷᠠᠳ ᠵᠢᠩᠭᠢᠨᠢ | ᠠᠰᠢᠭ ᠳᠤᠰᠠ ᠶᠢ ᠮᠡᠳᠡᠵᠦ᠂ ᠣᠯᠠᠮᠵᠢᠯᠠᠯᠳᠤ ᠲᠠᠷᠢᠶᠠᠯᠠᠬᠤ ᠤᠶᠢᠯᠠᠭᠠᠬᠳᠠᠬᠤᠨ ᠢᠶᠠᠨ ᠬᠤᠪᠢᠷᠠᠭᠤᠯᠤᠨ ᠰᠢᠨᠵᠢᠯᠡᠬᠦ | ᠤᠬᠠᠭᠠᠨᠴᠢ ᠪᠠᠷ ᠲᠠᠷᠢᠶᠠᠯᠠᠬᠤ ᠦᠵᠡᠯᠲᠡ ᠲᠠᠢ ᠪᠣᠯᠤᠬᠰᠠᠨ ᠳᠤ ᠪᠣᠤ ᠶᠦᠩ ᠱᠧᠩ ᠨᠤᠲᠤᠭ ᠤᠨ ᠬᠦᠮᠦᠰ ᠢᠶᠠᠨ | ᠬᠠᠪᠰᠤᠷᠤᠨ ᠲᠤᠰᠠᠯᠠᠵᠤ ᠪᠠᠶᠠᠵᠢᠭᠤᠯᠬᠤ ᠠᠵᠠ ᠵᠠᠪᠰᠢᠶᠠᠨ ᠢᠷᠡᠯ᠎ᠡ ᠬᠡᠮᠡᠨ ᠢᠲᠡᠭᠡᠯᠲᠡᠢ ᠪᠣᠳᠤᠯᠭ᠎ᠠ ᠲᠥᠷᠦᠭᠳᠡᠪᠡ᠃ | ᠡᠶᠢᠨᠬᠦ10 ᠡᠷᠦᠬᠡ ᠲᠣᠰᠬᠤᠨ ᠤ ᠠᠷᠠᠳ ᠢ ᠵᠣᠬᠢᠶᠠᠨ ᠪᠠᠶᠢᠭᠤᠯᠵᠤ ᠬᠠᠮᠳᠤ ᠪᠠᠷ ᠬᠤᠶᠠᠷ ᠮᠦᠷ ᠲᠠᠷᠢᠬᠤ | ᠲᠠᠷᠢᠶ᠎ᠠ ᠶᠢ500 ᠮᠦ ᠲᠠᠷᠢᠵᠤ ᠪᠦᠷ ᠦᠨᠳᠦᠷ ᠦᠷ᠎ᠡ ᠠᠰᠢᠭ ᠣᠯᠵᠠᠢ᠃ ᠶᠠᠳᠠᠭᠤ ᠠᠴᠠ ᠠᠩᠭᠢᠵᠢᠷᠠᠬᠤ ᠪᠣᠯ | ᠪᠠᠶᠠᠵᠢᠯ ᠤᠨ ᠡᠬᠢᠯᠡᠯᠲᠡ ᠮᠦᠨ᠃ ᠪᠠᠶᠠᠵᠢᠯ ᠤᠨ ᠵᠠᠮ ᠳᠤ ᠵᠣᠬᠰᠤᠯ ᠦᠭᠡᠢ ᠤᠷᠤᠬᠰᠢᠯᠠᠨ᠎ᠠ᠃ ᠪᠣᠤ ᠶᠦᠩ ᠱᠧᠩ | ᠥᠪᠡᠷ ᠤᠨ ᠰᠤᠷᠤᠬᠰᠠᠨ ᠮᠡᠳᠡᠯᠭᠡ ᠪᠠᠨ ᠠᠰᠢᠬᠯᠠᠨ ᠣᠷᠣᠨ ᠭᠠᠵᠠᠷ ᠤᠨ ᠪᠣᠳᠠᠲᠠᠢ ᠠᠴᠠ ᠡᠭᠦᠰᠦᠨ ᠨᠤᠭᠤᠭ᠎ᠠ ᠮᠥᠭᠦ | ᠲᠠᠷᠢᠬᠤ ᠬᠤᠤᠰ ᠬᠡᠷᠡᠭᠴᠡᠭᠡᠳᠦ ᠰᠢᠨ᠎ᠡ ᠮᠠᠶ᠋ᠢᠭ ᠤᠨ ᠲᠣᠮᠣ ᠬᠦᠯᠡᠮᠵᠢ ᠶᠢ5 ᠮᠦᠷ120 ᠮᠦ ᠪᠠᠶᠢᠭᠤᠯᠬᠤ ᠪᠠᠷ | ᠲᠥᠯᠦᠪᠯᠡᠵᠦ᠂ ᠣᠳᠣ ᠨᠢᠭᠡᠨᠲᠡ2 ᠮᠦᠷ ᠪᠠᠶᠢᠭᠤᠯᠵᠠᠢ᠃ ᠨᠢᠭᠡᠨ ᠭᠠᠵᠠᠷ ᠳᠣᠤᠷᠠᠬᠢ ᠬᠦᠢᠲᠡᠨ ᠬᠥᠮᠦᠷᠭᠡ | ᠪᠠᠶᠢᠭᠤᠯᠬᠤ ᠶᠢᠨ ᠳᠠᠭᠠᠤ ᠪᠠᠰᠠ ᠵᠣᠭᠠᠴᠠᠯ ᠤᠨ ᠲᠠᠷᠢᠶᠠᠯᠠᠩ᠂ ᠲᠡᠭᠦᠬᠦ ᠦᠵᠡᠬᠦ ᠵᠣᠭᠠᠴᠠᠯ᠂ ᠲᠠᠷᠢᠶᠠᠴᠢᠨ ᠡᠷᠦᠬᠡ ᠶᠢᠨ | ᠪᠠᠶᠠᠰᠤᠯ ᠪᠠ ᠢᠳᠡᠰᠢᠨ ᠨᠤᠭᠤᠭ᠎ᠠ ᠪᠣᠯᠪᠠᠰᠤᠷᠠᠭᠤᠯᠬᠤ ᠤᠶᠢᠯᠡᠦᠨᠪᠦᠷᠢᠯᠡᠯ ᠤᠨ ᠬᠡᠯᠬᠢᠶᠡᠰᠦ ᠶᠢ ᠬᠦᠭᠵᠢᠭᠦᠯᠦᠨ᠂ ᠪᠦᠬᠦ | ᠲᠣᠰᠬᠤᠨ ᠢᠶᠠᠷ ᠢᠶᠠᠨ ᠰᠢᠨᠵᠢᠯᠡᠬᠦ ᠮᠡᠷᠭᠡᠵᠢᠯ ᠢᠶᠠᠷ ᠪᠠᠶᠠᠵᠢᠬᠤ ᠶᠢ ᠳᠠᠶᠢᠴᠢᠯᠠᠬᠰᠠᠨ ᠪᠠᠶᠢᠨ᠎ᠠ᠃ | |