ᠬᠡᠦᠭᠡᠳ ᠤᠨ ᠰᠠᠶᠢᠨ ᠳᠠᠳᠬᠠᠯ ᠢ ᠪᠦᠷᠢᠯᠳᠦᠭᠦᠯᠬᠦ ᠳᠤ ᠭᠡᠷ ᠤᠨ ᠠᠬᠠᠮᠠᠳ ᠬᠡᠷᠬᠢᠨ ᠬᠠᠪᠰᠤᠷᠪᠠᠯ ᠵᠤᠬᠢᠬᠤ ᠪᠢᠯᠡ
ᠨᠡᠶᠢᠲᠡᠯᠡᠭᠰᠡᠨ ᠴᠠᠭ᠄
2020/10/19
             ᠊᠊᠊᠊᠊᠊᠊᠊᠊ ︽ᠬᠡᠦᠭᠡᠳ ᠢ ᠬᠠᠪᠰᠤᠷᠴᠤ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠬᠡᠪ ᠰᠤᠷᠳᠠᠯ ᠢ ᠨᠢ ᠡᠷᠢᠵᠤ ᠤᠯᠬᠤ ᠪᠠ ᠪᠤᠢ ᠪᠤᠯᠭᠠᠶ᠎ᠠ︾ ᠭᠡᠬᠦ ᠵᠤᠬᠢᠶᠠᠯ ᠢ ᠤᠡᠭᠰᠢᠭᠠᠳ   ᠬᠡᠦᠭᠡᠳ ᠤᠨ ᠦᠰᠦᠨ ᠪᠤᠶᠢᠵᠢᠯᠳᠠ ᠶᠢᠨ ᠶᠠᠪᠤᠴᠠ ᠳᠤ ᠭᠡᠷ ᠤᠨ ᠠᠬᠠᠮᠠᠳ ᠤᠨ ᠰᠤᠷᠭᠠᠨ ᠬᠦᠮᠦᠵᠢᠯ ᠲᠡᠳᠡᠨ ᠤ ᠨᠢᠭᠡ ᠨᠠᠰᠤ ᠶᠢ ᠨᠦᠯᠦᠭᠡᠯᠡᠳᠡᠭ᠃ ᠡᠶᠢᠮᠦ ᠠᠴᠠ ᠭᠡᠷ ᠤᠨ ᠠᠬᠠᠮᠠᠳ ᠪᠤᠯᠤᠭᠰᠠᠳ ᠦᠪᠡᠷ ᠢ ᠪᠠᠨ ᠳᠡᠭᠦᠯᠳᠡᠷᠵᠢᠭᠦᠯᠤᠨ ᠰᠤᠷᠤᠯᠴᠠᠬᠤ ᠨᠢ ᠴᠦ ᠬᠡᠦᠭᠡᠳ ᠲᠠᠢ ᠪᠠᠨ ᠬᠠᠮᠳᠤ ᠪᠠᠷ ᠳᠠᠪᠰᠢᠬᠤ ᠶᠢᠨ ᠵᠠᠶᠢᠯᠠᠰᠢᠬᠦᠢ ᠵᠠᠮ ᠮᠦᠨ᠃ ᠬᠡᠦᠭᠡᠳ ᠤᠨ ᠠᠯᠢᠪᠠ ᠳᠠᠳᠬᠠᠯ ᠨᠢ ᠴᠦᠮ ᠭᠡᠷ ᠤᠨ ᠠᠬᠠᠮᠠᠳ ᠤᠨ ᠵᠢᠭᠠᠨ ᠵᠢᠯᠤᠭᠤᠳᠤᠯᠭ᠎ᠠ᠂ ᠬᠠᠪᠰᠤᠷᠤᠯᠭ᠎ᠠ᠂ ᠬᠢᠨᠠᠯᠳᠠ ᠠᠴᠠ ᠰᠠᠯᠵᠤ ᠴᠢᠳᠠᠬᠤ ᠦᠭᠡᠢ ᠪᠠᠶᠢᠳᠠᠭ᠃   ᠠᠩᠬ᠎ᠠ ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠯᠬᠤᠨ ᠤᠷᠤᠵᠤ᠂ ᠰᠤᠷᠤᠭᠴᠢ ᠪᠤᠯᠵᠤ ᠰᠤᠷᠤᠯᠴᠠᠯᠭ᠎ᠠ ᠡᠬᠢᠯᠡᠭᠦᠯᠵᠤ ᠪᠠᠶᠢᠭ᠎ᠠ ᠨᠢᠭᠡᠳᠦᠭᠡᠷ ᠤᠨ ᠤ ᠬᠡᠦᠭᠡᠳ ᠲᠤ ᠠᠪᠴᠤ ᠬᠡᠯᠡᠪᠡᠯ᠂ ᠰᠠᠶᠢᠨ ᠰᠠᠶᠢᠬᠠᠨ ᠰᠤᠷᠤᠯᠴᠠᠯᠭ᠎ᠠ ᠶᠢᠨ ᠵᠠᠩ ᠳᠠᠳᠬᠠᠯ ᠬᠡᠪ ᠰᠤᠷᠳᠠᠯ ᠢ ᠪᠤᠢ ᠪᠤᠯᠭᠠᠬᠤ ᠨᠢ ᠶᠠᠭᠤᠨ ᠠᠴᠠ ᠴᠦ ᠡᠷᠬᠢᠮ ᠴᠢᠬᠤᠯᠠ ᠪᠠᠶᠢᠳᠠᠭ᠃ ᠡᠭᠦᠨ ᠤ ᠳᠤᠳᠤᠷ᠎ᠠ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠬᠡᠪ ᠰᠤᠷᠳᠠᠯ ᠪᠤᠯ ᠨᠡᠩ ᠴᠦ ᠬᠠᠮᠤᠭ ᠤᠨ ᠦᠨᠳᠦᠰᠦ ᠰᠠᠭᠤᠷᠢ ᠨᠢ ᠪᠠᠶᠢᠪᠠᠯ ᠳᠠᠭᠠᠷᠠᠨ᠎ᠠ᠃ ᠬᠡᠦᠭᠡᠳ ᠤᠨ ᠨᠢᠭᠡ ᠰᠡᠳᠬᠢᠯᠳᠦ ᠬᠡᠪ ᠨᠠᠮᠪᠠ ᠨᠢ ᠬᠡᠳᠦ᠋ᠢᠪᠡᠷ ᠲᠦᠷᠦᠯᠬᠢ ᠴᠦ᠂ ᠨᠢᠭᠡ ᠰᠡᠳᠬᠢᠯᠳᠦ ᠤᠷ᠎ᠠ ᠳᠡᠮ ᠢ ᠬᠠᠷᠢᠨ ᠵᠢᠯᠤᠭᠤᠳᠴᠤ ᠪᠤᠯᠳᠠᠭ᠂ ᠬᠡᠦᠭᠡᠳ ᠤᠨ ᠨᠢᠭᠡ ᠰᠡᠳᠬᠢᠯᠳᠤ ᠴᠢᠳᠠᠪᠤᠷᠢ ᠶᠢ ᠰᠠᠶᠢᠵᠢᠷᠠᠭᠤᠯᠵᠤ ᠪᠤᠯᠳᠠᠭ᠃ ᠪᠢᠳᠡ ᠬᠡᠷᠪᠡ ᠬᠡᠦᠭᠡᠳ ᠤᠨ ᠲᠦᠷᠦᠯᠬᠢ ᠨᠢᠭᠡ ᠰᠡᠳᠬᠢᠯᠳᠦ ᠬᠡᠪ ᠨᠠᠮᠪᠠ ᠶᠢ ᠨᠢ ᠳᠠᠭᠠᠭᠤᠯᠤᠨ ᠨᠢᠭᠡ ᠰᠡᠳᠬᠢᠯᠳᠤ ᠤᠷ᠎ᠠ ᠳᠡᠮ ᠤᠨ ᠵᠢᠯᠤᠭᠤᠳᠤᠯᠭ᠎ᠠ ᠬᠢᠪᠡᠯ᠂ ᠨᠡᠩ ᠴᠦ ᠤᠷᠤᠭᠤᠯᠤᠭᠰᠠᠨ ᠬᠦᠴᠦ ᠨᠢ ᠪᠠᠭ᠎ᠠ ᠤᠯᠤᠭᠰᠠᠨ ᠠᠮᠵᠢᠯᠳᠠ ᠨᠢ ᠶᠡᠭᠡ ᠪᠠᠶᠢᠬᠤ ᠪᠠᠶᠢᠳᠠᠯ ᠳᠤᠤᠷ᠎ᠠ ᠬᠡᠦᠭᠡᠳ ᠢ ᠬᠠᠪᠰᠤᠷᠴᠤ ᠦᠪᠡᠷ ᠲᠤ ᠨᠢ ᠳᠤᠬᠢᠷᠠᠬᠤ ᠰᠤᠷᠤᠯᠴᠠᠬᠤ ᠠᠷᠭ᠎ᠠ ᠵᠠᠮ ᠢ ᠨᠢ ᠤᠯᠵᠤ ᠦᠭᠴᠦ᠂ ᠠᠮᠵᠢᠯᠳᠠ ᠵᠦᠭ ᠬᠦᠳᠦᠯᠬᠦ ᠨᠢ ᠶᠠᠷᠢᠶᠠᠨ ᠦᠭᠡᠢ᠃    ᠬᠡᠦᠭᠡᠳ ᠤᠨ ᠨᠢᠭᠡ ᠰᠡᠳᠬᠢᠯᠳᠤ ᠬᠡᠪ ᠨᠠᠮᠪᠠ ᠶᠢ ᠨᠢ ᠡᠷᠢᠬᠦ᠂ ᠨᠢᠭᠡ ᠡᠳᠦᠷ ᠲᠠᠬᠢ ᠬᠠᠮᠤᠭ ᠤᠨ ᠰᠠᠶᠢᠨ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠴᠠᠭ ᠢ ᠡᠷᠢᠬᠦ᠂ ᠬᠡᠦᠭᠡᠳ ᠤᠨ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠠᠷᠭ᠎ᠠ ᠵᠠᠮ ᠢ ᠡᠷᠢᠬᠦ ᠵᠡᠷᠭᠡ ᠪᠤᠯ ᠳᠤᠰ ᠵᠤᠬᠢᠶᠠᠯ ᠳᠠᠬᠢ ᠭᠤᠤᠯ ᠶᠠᠷᠢᠭᠰᠠᠨ ᠵᠦᠢᠯ ᠪᠤᠯᠤᠨ᠎ᠠ᠃ ᠡᠳᠡᠭᠡᠷ ᠨᠢ ᠪᠦᠷ ᠬᠡᠷ ᠤᠨ ᠠᠬᠠᠮᠠᠳ ᠬᠡᠦᠭᠡᠳ ᠢᠶᠠᠨ ᠬᠠᠪᠰᠤᠷᠤᠨ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠰᠠᠶᠢᠨ ᠳᠠᠳᠬᠠᠯ ᠢ ᠪᠦᠷᠢᠯᠳᠦᠬᠦᠯᠵᠤ ᠦᠭᠬᠦ ᠶᠠᠪᠤᠳᠠᠯ ᠪᠤᠯᠤᠨ᠎ᠠ᠃ ᠳᠤᠰ ᠵᠤᠬᠢᠶᠠᠯ ᠢ ᠤᠡᠭᠰᠢᠬᠤ ᠪᠠᠷ ᠳᠠᠮᠵᠢᠨ᠂ ᠪᠢ ᠬᠡᠦᠭᠡᠳ ᠤᠨ ᠢᠶᠠᠨ ᠪᠠᠶᠢᠳᠠᠯ ᠢ ᠦᠵᠡᠵᠤ ᠳᠡᠭᠦᠨ ᠢ ᠬᠠᠪᠰᠤᠷᠤᠨ ᠵᠢᠯᠤᠭᠤᠳᠴᠤ᠂ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠰᠠᠶᠢᠨ ᠰᠠᠶᠢᠬᠠᠨ ᠰᠤᠷᠤᠯᠴᠠᠯᠭ᠎ᠠ ᠶᠢᠨ ᠬᠡᠪ ᠰᠤᠷᠳᠠᠯ ᠢ ᠨᠢ ᠪᠦᠷᠢᠯᠳᠦᠭᠦᠯᠵᠤ ᠦᠭᠬᠦ ᠪᠠᠷ ᠴᠢᠷᠮᠠᠶᠢᠪᠠ᠃   ᠦᠬᠢᠨ ᠮᠢᠨᠢ ᠴᠡᠴᠡᠷᠯᠢᠭ ᠲᠤ ᠪᠠᠶᠢᠭ᠎ᠠ ᠦᠶ᠎ᠡ ᠳᠤ᠂ ᠪᠢ ᠳᠡᠭᠦᠨ ᠢ ᠡᠳᠦᠷ ᠪᠦᠷᠢ 15 ᠮᠢᠨᠦ᠋ᠲ ︵ᠬᠤᠶᠢᠰᠢᠳᠠ ᠨᠢ ᠪᠠᠶᠢᠳᠠᠯ ᠢ ᠨᠢ ᠦᠵᠡᠵᠤ ᠴᠠᠭ ᠢ ᠨᠢ ᠤᠷᠳᠤᠳᠬᠠᠪᠠ︶ ᠳᠤᠷᠠᠳᠠᠢ ᠨᠤᠮ ᠢ ᠨᠢ ᠦᠵᠡᠬᠦᠯᠵᠤ ᠨᠠᠮ ᠵᠢᠮ ᠰᠠᠭᠤᠯᠭᠠᠬᠤ᠂ ᠵᠢᠷᠤᠭ ᠵᠢᠷᠤᠭᠤᠯᠬᠤ ᠵᠡᠷᠭᠡ ᠪᠠᠷ ᠳᠠᠮᠵᠢᠨ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠳᠠᠳᠬᠠᠯ ᠢ ᠨᠢ ᠪᠤᠢ ᠪᠤᠯᠭᠠᠬᠤ ᠪᠠ ᠬᠡᠪᠰᠢᠭᠦᠯᠬᠦ ᠶᠢ ᠬᠢᠴᠢᠶᠡᠪᠡ᠃ ᠭᠡᠰᠡᠭ ᠬᠤᠭᠤᠴᠠᠭᠠᠨ ᠤ ᠠᠵᠢᠭᠯᠠᠯᠳᠠ ᠪᠠᠷ ᠳᠠᠮᠵᠢᠨ ᠡ᠊ᠨᠡ ᠨᠢ ᠮᠠᠰᠢ ᠪᠦᠳᠦᠮᠵᠢᠳᠠᠢ ᠪᠠᠶᠢᠬᠤ ᠶᠢ ᠤᠯᠵᠤ ᠮᠡᠳᠡᠵᠡᠢ᠃ ᠢᠡᠭᠭᠢᠵᠤ ᠪᠠᠷᠢᠮᠳᠠᠯᠠᠭᠰᠠᠨ ᠤ ᠠᠴᠢ ᠪᠠᠷ᠂ ᠦᠬᠢᠨ ᠮᠢᠨᠢ ᠪᠠᠭ᠎ᠠ ᠰᠤᠷᠭᠠᠭᠤᠯᠢ ᠳᠤ ᠤᠷᠤᠭᠰᠠᠨ ᠤ ᠳᠠᠷᠠᠭ᠎ᠠ ᠬᠢᠴᠢᠶᠡᠯ ᠳᠡᠭᠡᠷ᠎ᠡ ᠪᠠᠭᠰᠢ ᠶᠢᠨ ᠵᠢᠭᠠᠬᠤ ᠶᠢ ᠰᠡᠳᠬᠢᠯ ᠲᠦᠪᠯᠡᠷᠡᠬᠦᠯᠦᠨ ᠰᠤᠨᠤᠰᠬᠤ᠂ ᠡᠬᠡᠰᠢᠭ ᠬᠡᠶᠢᠭᠦᠯᠦᠭᠴᠢ᠂ ᠳᠤᠭ᠎ᠠ ᠪᠠᠨ ᠪᠢᠴᠢᠬᠦ ᠦᠶᠡᠰ ᠬᠢᠨᠠᠮᠠᠭᠠᠢ ᠲᠦᠪᠯᠡᠭᠦᠨ ᠪᠢᠴᠢᠬᠦ ᠳᠠᠳᠬᠠᠯ ᠲᠠᠢ ᠪᠤᠯᠪᠠ᠃    ᠳᠠᠬᠢᠪᠠᠯ᠂ ᠨᠠᠮ ᠬᠦᠡᠭᠭᠡᠨ ᠠᠶ᠎ᠠ ᠳᠠᠭᠤᠤ ᠶᠢᠨ ᠳᠤᠮᠳᠠ ᠰᠤᠷᠤᠯᠴᠠᠬᠤ ᠶᠢ ᠪᠠᠰᠠ ᠳᠤᠷᠰᠢᠵᠤ ᠪᠤᠯᠤᠮᠠᠷ᠃ ᠤᠴᠢᠷ ᠨᠢ ᠮᠢᠨᠤ ᠦᠬᠢᠨ ᠶᠡᠷᠦ ᠠᠴᠠ ᠪᠠᠨ ᠠᠶ᠎ᠠ ᠳᠠᠭᠤᠤ ᠳᠤ ᠳᠤᠷᠠᠳᠠᠢ ᠪᠠᠶᠢᠵᠤ᠂ ᠦᠪᠡᠷ ᠢᠶᠠᠨ ᠴᠦ ᠨᠤᠮ ᠦᠵᠡᠬᠦ ᠪᠤᠶᠤ ᠳᠠᠰᠬᠠᠯ ᠢᠶᠠᠨ ᠪᠡᠶᠡᠯᠡᠭᠦᠯᠵᠤ ᠪᠠᠶᠢᠭ᠎ᠠ ᠦᠶ᠎ᠡ ᠳᠤ ᠪᠠᠨ ᠠᠶᠠᠯᠭᠤᠯᠠᠵᠤ ᠰᠠᠭᠤᠳᠠᠭ ᠵᠠᠩ ᠲᠠᠢ᠃ ᠢᠡᠭᠭᠢᠬᠦ ᠨᠢ ᠬᠡᠦᠭᠡᠳ ᠰᠡᠳᠬᠢᠯ ᠪᠠᠶᠠᠰᠤᠩᠭᠤᠢ᠂ ᠨᠠᠮ ᠲᠦᠯᠬᠡᠨ ᠪᠠᠶᠢᠬᠤ ᠶᠢᠨ ᠢᠯᠡᠷᠡᠯ ᠪᠤᠯᠬᠤ ᠶᠤᠮ᠃ ᠡᠭᠦᠨ ᠠᠴᠠ ᠭᠠᠳᠠᠨ᠎ᠠ ᠪᠠᠰᠠ ᠶᠠᠭᠤ ᠨᠢᠭᠡ ᠶᠢ ᠪᠡᠶ᠎ᠡ ᠪᠠᠷ ᠢᠶᠠᠨ ᠳᠠᠭᠠᠭᠤᠯᠤᠨ ᠬᠢᠵᠤ᠂ ᠳᠠᠷᠠᠭ᠎ᠠ ᠨᠢ ᠬᠡᠦᠭᠡᠳ ᠢᠶᠠᠷ ᠢᠶᠠᠨ ᠬᠢᠯᠬᠡᠵᠤ ᠪᠤᠯᠪᠠᠰᠤᠷᠠᠭᠤᠯᠬᠤ ᠠᠷᠭ᠎ᠠ ᠴᠦ ᠨᠡᠯᠢᠶᠡᠳ ᠪᠦᠳᠦᠮᠵᠢᠳᠡᠢ᠃ ᠬᠡᠯᠡᠵᠤ ᠰᠤᠷᠭᠠᠬᠤ ᠠᠴᠠ ᠬᠢᠵᠤ ᠰᠤᠷᠭ᠎ᠠ ᠭᠡᠳᠡᠭ ᠢᠶᠠᠷ᠂ ᠳᠠᠭᠤᠷᠢᠶᠠᠯ ᠤᠨ ᠬᠦᠴᠦᠨ ᠮᠤᠨᠳᠠᠭ ᠰᠢᠦ᠃   ᠬᠡᠦᠭᠡᠳ ᠤᠨ ᠢᠶᠠᠨ ᠨᠢᠭᠡ ᠡᠳᠦᠷ ᠲᠠᠬᠢ ᠨᠢᠭᠡ ᠰᠡᠳᠬᠢᠯ ᠢᠶᠠᠷ ᠨᠢᠭᠡ ᠠᠵᠢᠯ ᠢ ᠬᠢᠬᠦ ᠬᠠᠮᠤᠭ ᠤᠨ ᠪᠦᠳᠦᠮᠵᠢᠳᠡᠢ ᠴᠠᠭ ᠪᠠ ᠠᠷᠭ᠎ᠠ ᠵᠠᠮ ᠢ ᠤᠯᠵᠤ ᠮᠡᠳᠡᠬᠦ ᠨᠢ ᠳᠤᠩ ᠴᠢᠬᠤᠯᠠ᠂ ᠭᠡᠷ ᠤᠨ ᠠᠬᠠᠮᠠᠳ ᠦᠪᠡᠷ ᠤᠨ ᠪᠤᠳᠠᠳᠠᠢ ᠪᠠᠶᠢᠳᠠᠯ ᠢᠶᠠᠨ ᠦᠵᠡᠵᠤ ᠬᠠᠶᠢᠵᠤ ᠰᠦᠪᠡᠭᠴᠢᠯᠡᠵᠤ ᠪᠤᠯᠤᠮᠤᠢ᠃    ᠬᠡᠦᠭᠡᠳ ᠲᠤ ᠪᠠᠨ ᠨᠢᠭᠡ ᠰᠡᠳᠬᠢᠯᠳᠤ ᠴᠢᠷᠮᠠᠶᠢᠯᠭ᠎ᠠ ᠪᠤᠯᠤᠨ ᠠᠮᠵᠢᠯᠳᠠ ᠬᠤᠶᠠᠷ ᠤᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠶᠢ ᠬᠦᠢᠴᠡᠳ ᠳᠠᠨᠢᠭᠤᠯᠬᠤ ᠪᠠᠷ ᠴᠢᠷᠮᠠᠶᠢᠵᠤ᠂ ᠰᠤᠷᠤᠯᠴᠠᠬᠤ ᠪᠤᠯ ᠨᠢᠭᠡ ᠵᠦᠢᠯ ᠤᠨ ᠪᠠᠶᠠᠷ ᠵᠢᠷᠭᠠᠯ ᠲᠠᠢ ᠶᠠᠪᠤᠳᠠᠯ ᠪᠤᠯᠤᠨ᠎ᠠ ᠭᠡᠰᠡᠨ ᠢ ᠳᠠᠨᠢᠭᠤᠯᠬᠤ ᠶᠢ ᠬᠢᠴᠢᠶᠡᠶ᠎ᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号