ᠭᠤᠯᠢᠷ ᠤᠨ ᠵᠠᠷᠢᠮ ᠬᠡᠷᠡᠭᠴᠡᠭᠡᠨ ᠤ ᠲᠤᠬᠠᠢ ᠡᠩ ᠤᠨ ᠮᠡᠳᠡᠯᠭᠡ᠄ | 1. ᠦᠵᠦᠮ ᠤᠬᠢᠶᠠᠬᠤ ᠳᠤ ᠤᠰᠤᠨ ᠳᠤ ᠨᠢᠭᠡ ᠬᠠᠯᠪᠠᠭ᠎ᠠ ᠭᠤᠯᠢᠷ ᠬᠢᠭᠡᠳ ᠦᠵᠦᠮ ᠢᠶᠠᠨ ᠨᠠᠭᠠᠰᠢ ᠴᠠᠭᠠᠰᠢ | ᠥᠩᠬᠦᠷᠢᠭᠦᠯᠦᠨ ᠬᠦᠩᠭᠡᠬᠡᠨ ᠤᠬᠢᠶᠠᠵᠤ᠂ ᠳᠠᠬᠢᠨ ᠴᠡᠪᠡᠷ ᠤᠰᠤ ᠪᠠᠷ ᠵᠠᠶᠢᠯᠠᠪᠠᠯ ᠦᠵᠦᠮ ᠤᠨ ᠬᠠᠯᠢᠰᠤᠨ ᠳᠡᠭᠡᠷᠡᠬᠢ | ᠪᠤᠵᠠᠷ ᠶᠠᠭᠤᠮ᠎ᠠ ᠠᠷᠢᠯᠴᠢᠬᠠᠨ᠎ᠠ᠃ | 2. ᠵᠢᠭᠠᠰᠤ ᠶᠢ ᠬᠠᠭᠠᠷᠢᠬᠤ ᠠᠴᠠ ᠡᠮᠦᠨ᠎ᠡ᠂ ᠪᠠᠭ᠎ᠠ ᠰᠠᠭ᠎ᠠ ᠴᠠᠭᠠᠨ ᠭᠤᠯᠢᠷ ᠰᠠᠴᠤᠴᠢᠬᠠᠭᠠᠳ ᠲᠤᠭᠤᠭᠠᠨ ᠳᠤ | ᠬᠢᠪᠡᠯ ᠲᠤᠰᠤ ᠦᠰᠦᠷᠬᠦ ᠦᠭᠡᠢ ᠪᠦᠭᠡᠳ ᠵᠢᠭᠠᠰᠤᠨ ᠤ ᠬᠠᠯᠢᠰᠤ ᠰᠠᠯᠵᠤ ᠪᠤᠲᠠᠷᠠᠬᠤ ᠦᠭᠡᠢ ᠪᠤᠯᠤᠨ᠎ᠠ᠃ | 3. ᠬᠤᠭᠤᠯᠠ ᠬᠢᠬᠦ ᠦᠶ᠎ᠡ ᠳᠤ ᠭᠠᠷ ᠳᠡᠭᠡᠷ᠎ᠡ ᠲᠤᠰᠤ ᠨᠠᠭᠠᠯᠳᠤᠭᠰᠠᠨ ᠪᠠᠶᠢᠪᠠᠯ᠂ ᠪᠠᠭ᠎ᠠ ᠰᠠᠭ᠎ᠠ ᠭᠤᠯᠢᠷ ᠭᠠᠷᠭᠠᠵᠤ᠂ | ᠬᠤᠶᠠᠷ ᠭᠠᠷ ᠢᠶᠠᠷ ᠢᠶᠠᠨ ᠴᠢᠮᠬᠢᠵᠤ ᠤᠰᠤᠨ ᠳᠤ ᠬᠢᠭᠡᠳ ᠭᠠᠷ ᠢᠶᠠᠨ ᠨᠤᠬᠤᠯᠠᠨ ᠤᠭᠢᠶᠠᠪᠠᠯ᠂ ᠭᠠᠷ ᠲᠤ | ᠨᠠᠭᠠᠯᠳᠤᠭᠰᠠᠨ ᠲᠤᠰᠤ ᠠᠷᠢᠯᠠᠵᠤ᠂ ᠦᠨᠦᠷ ᠨᠢ ᠴᠦ ᠠᠷᠢᠯᠴᠢᠬᠠᠨ᠎ᠠ᠃ | 4. ᠲᠤᠰᠤ ᠲᠠᠢ ᠲᠤᠭᠤᠭ᠎ᠠ᠂ ᠲᠦᠮᠫᠡᠨ ᠵᠡᠷᠭᠡ ᠭᠠᠯ ᠲᠤᠭᠤᠭᠠᠨ ᠤ ᠰᠠᠪᠠ ᠬᠡᠷᠡᠭᠰᠡᠯ ᠢ ᠤᠬᠢᠶᠠᠬᠤ ᠳᠤ ᠪᠠᠨ ᠤᠰᠤᠨ | ᠳᠤᠲᠤᠷ᠎ᠠ ᠪᠠᠭ᠎ᠠ ᠬᠡᠮᠵᠢᠶᠡᠨ ᠤ ᠭᠤᠯᠢᠷ ᠬᠢᠪᠡᠯ ᠲᠤᠰᠤ ᠨᠢ ᠠᠮᠠᠷᠬᠠᠨ ᠠᠷᠢᠯᠤᠨ᠎ᠠ᠃ | 5. ᠬᠠᠷ᠎ᠠ ᠳᠠᠯᠳᠠᠤ ᠶᠢ ᠤᠬᠢᠶᠠᠬᠤ ᠤᠰᠤᠨ ᠳᠤ ᠨᠢᠭᠡ ᠬᠠᠯᠪᠠᠭ᠎ᠠ ᠭᠤᠯᠢᠷ ᠬᠢᠭᠡᠳ ᠬᠤᠳᠬᠤᠭᠰᠠᠨ ᠤ ᠳᠠᠷᠠᠭ᠎ᠠ | ᠠᠷᠪᠠᠨ ᠮᠢᠨᠦ᠋ᠲ ᠳᠡᠪᠲᠦᠭᠡᠵᠦ᠂ ᠳᠠᠬᠢᠨ ᠤᠬᠢᠶᠠᠪᠠᠯ ᠭᠤᠯᠢᠷ ᠨᠢ ᠨᠠᠭᠠᠯᠳᠤᠩᠬᠠᠢ ᠴᠢᠨᠠᠷ ᠲᠠᠢ ᠪᠤᠯᠬᠤᠷ ᠳᠠᠯᠳᠠᠤ ᠶᠢᠨ | ᠡᠯᠡᠰᠦ ᠰᠢᠷᠤᠢ ᠶᠢ ᠰᠠᠶᠢᠨ ᠠᠷᠢᠯᠭᠠᠳᠠᠭ᠃ ᠳᠠᠬᠢᠨ ᠰᠢᠨ᠎ᠡ ᠤᠰᠤ ᠪᠠᠷ ᠵᠠᠶᠢᠯᠠᠪᠠᠯ ᠤᠯᠠᠮ ᠴᠡᠪᠡᠷᠬᠡᠨ ᠪᠤᠯᠤᠨ᠎ᠠ᠃ |