ᠬᠠᠪᠣᠷ | ᠵᠤᠬᠢᠶᠠᠭᠴᠢ᠄ ᠣ · ᠰᠠᠷᠠᠩᠭᠤᠸ᠎ᠠ | | ᠮᠤᠳᠤᠨ ᠤ ᠨᠠᠮᠠᠭ᠎ᠠ ᠬᠦᠯᠦᠭᠡᠯᠡᠵᠦ ᠪᠣᠯᠵᠣᠮᠣᠷ ᠱᠣᠯᠣᠭᠠᠨᠠᠨᠠ | ᠠᠭᠤᠯᠠ ᠶᠢᠨ ᠴᠠᠰᠣ ᠬᠠᠨᠵᠠᠷᠠᠵᠦ ᠡᠩᠭᠡᠷ ᠢᠶᠠᠨ ᠲᠠᠭᠠᠵᠦ ᠴᠣᠬᠤᠷᠯᠠᠨᠠ | ᠬᠦᠷᠦᠰᠦᠨ ᠲᠣᠣᠷ᠎ᠠ ᠠᠴᠠ ᠨᠢᠯᠬ᠎ᠠ ᠴᠢᠬᠢ ᠬᠠᠪᠣᠷ ᠢ ᠲᠠᠯᠠᠯᠣᠨ ᠴᠤᠬᠤᠶᠢᠭᠠᠳ | ᠬᠤᠷᠠᠭ᠎ᠠ ᠢᠰᠢᠭᠡ ᠶᠢᠨ ᠮᠠᠶᠢᠯᠠᠬᠤ ᠲᠠᠭᠤᠨ ᠣᠲᠣᠷ ᠠᠴᠠ ᠬᠠᠩᠬᠢᠨᠠᠨ᠎ᠠ | | ᠬᠦᠯᠳᠡᠭᠰᠡᠨ ᠨᠠᠭᠤᠷ ᠭᠡᠰᠴᠦ ᠨᠡᠭᠦᠲᠡᠯ ᠤᠨ ᠰᠢᠪᠠᠭᠤᠳ ᠪᠣᠴᠠᠨ᠎ᠠ | ᠬᠦᠯᠢᠶᠡᠭᠰᠡᠨ ᠰᠡᠳᠬᠢᠯ ᠣᠶᠠᠰᠴᠦ ᠬᠠᠶᠢᠷ᠎ᠠ ᠶᠢᠨ ᠪᠣᠯᠵᠤᠭ᠎ᠠ ᠲᠡᠷᠭᠡᠯᠰᠢᠨ᠎ᠡ | ᠬᠦᠭᠡᠷᠡᠬᠦ ᠰᠠᠶᠢᠬᠠᠨ ᠣᠨᠢᠶᠠᠷ ᠬᠦᠷᠡᠩ ᠠᠭᠤᠯᠠᠰ ᠢ ᠬᠤᠴᠢᠭᠠᠳ | ᠬᠦᠬᠦᠭᠡ ᠰᠢᠪᠠᠭᠤᠨ ᠤ ᠲᠠᠭᠤᠨ ᠬᠥᠪᠴᠢ ᠶᠢᠨ ᠬᠦᠨ ᠠᠴᠠ ᠣᠶᠠᠩᠭᠠᠷᠠᠨᠠ | | ᠠᠯᠠᠬ ᠵᠡᠷᠭᠡᠯᠭᠡᠨ ᠮᠢᠷᠠᠯᠵᠠᠵᠦ ᠲᠠᠯ᠎ᠠ ᠶᠢᠨ ᠵᠢᠰᠦ ᠰᠢᠨᠡᠲᠦᠨᠡ | ᠠᠭᠤᠯᠠ ᠶᠢᠨ ᠪᠠᠯ ᠲᠠᠭᠠᠵᠦ ᠬᠤᠨᠢᠳ ᠨᠣᠭᠤᠭ᠎ᠠ ᠬᠦᠭᠡᠭᠡᠵᠦ ᠪᠡᠯᠴᠢᠭᠡᠷᠯᠡᠨ᠎ᠡ | ᠠᠯᠣᠰ ᠤᠨ ᠰᠢᠯᠢ ᠴᠡᠩᠭᠡᠷᠯᠡᠵᠦ ᠬᠠᠷᠠᠭᠠᠨ ᠤ ᠦᠵᠦᠬᠦᠷ ᠦᠨᠳᠦᠷᠰᠡᠨᠡ | ᠠᠲᠣᠭᠤᠳ ᠪᠡᠯᠴᠢᠨ ᠦᠦᠷᠰᠡᠵᠦ ᠲᠡᠩᠲᠡ ᠯᠡ ᠬᠦᠭᠵᠢᠯ ᠲᠠᠢ | | ᠠᠰᠬᠠᠨ ᠳᠠᠷᠬᠠᠨ ᠤ ᠬᠤᠷᠮᠤᠢ ᠶᠢ ᠬᠦᠢᠯᠡᠰᠦᠨ ᠴᠡᠴᠡᠭ ᠬᠤᠴᠢᠭᠠᠳ | ᠢᠯᠪᠢᠬᠦ ᠵᠦᠭᠡᠯᠡᠨ ᠰᠠᠯᠬᠢ ᠴᠡᠴᠡᠭ ᠤᠨ ᠦᠨᠦᠷ ᠲᠠᠢ ᠰᠡᠩᠬᠢᠨᠡᠬᠦᠨ | ᠠᠪᠤ ᠶᠢᠨ ᠲᠡᠯᠭᠡᠷ ᠨᠣᠲᠤᠬ ᠲᠤ ᠣᠷᠢᠨ ᠬᠠᠪᠣᠷ ᠢᠷᠡᠵᠦ ᠪᠣᠢ | ᠠᠵᠢᠯ ᠠᠮᠢᠲᠣᠷᠠᠯ ᠤᠨ ᠲᠠᠭᠤᠯᠠᠯ ᠴᠡᠴᠡᠭ ᠰᠢᠭ ᠪᠠᠲᠠᠷᠠᠵᠦ ᠪᠣᠢ | | ᠠᠭᠤᠷ ᠠᠮᠢᠰᠬᠤᠯ ᠣᠷᠢᠨ ᠰᠡᠳᠬᠢᠯ ᠨᠢᠭᠡᠯᠡ ᠬᠦᠭᠵᠢᠩᠬᠦᠢ | ᠠᠮᠢᠯᠠᠵᠦ ᠴᠡᠴᠡᠭᠯᠡᠬᠦ ᠪᠠᠶᠢᠭᠠᠯᠢ ᠶᠢᠨ ᠦᠩᠭᠡ ᠨᠢ ᠨᠢᠭᠡᠯᠡ ᠲᠠᠯᠪᠢᠭᠤ | ᠦᠯᠦᠭᠡᠢ ᠨᠣᠲᠤᠬ ᠲᠤ ᠮᠢᠨᠢ ᠰᠢᠨ᠎ᠡ ᠬᠠᠪᠣᠷ ᠢᠷᠡᠵᠦ ᠪᠠᠶᠢᠨ᠎ᠠ | ᠦᠷᠨᠢᠬᠦ ᠶᠡᠭᠡ ᠬᠦᠭᠵᠢᠯ ᠵᠡᠷᠭᠡᠯᠭᠡᠨ ᠰᠢᠭ ᠮᠢᠷᠠᠯᠵᠠᠵᠦ ᠪᠠᠶᠢᠨ᠎ᠠ | |