ᠨᠠᠢᠮᠠᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ︽ᠨᠠᠢᠮᠠᠨ ᠬᠤᠰᠢᠭᠤᠨ ᠤ 2023 ᠣᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠬᠦ ᠪᠡᠯᠡᠳᠭᠡᠯ ᠲᠥᠰᠥᠯ︾ ᠢ ᠳᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ  ᠨᠠᠢᠮᠠᠨ ᠵᠠᠰᠠᠭ ᠠᠯᠪᠠᠨ ᠥᠰᠥᠭ ﹇2023﹈ 36 ᠳ᠋ᠤᠭᠠᠷ ᠲᠣᠭᠠᠲᠤ
ᠨᠡᠶᠢᠲᠡᠯᠡᠭᠰᠡᠨ ᠴᠠᠭ᠄
2023/6/16
ᠴᠢᠩ ᠯᠦᠩ ᠱᠠᠨ ᠪᠠᠯᠭᠠᠰᠤ᠂  ᠰᠢᠨ ᠵᠧᠨ ᠪᠠᠯᠭᠠᠰᠤ᠂  ᠰᠢᠷᠠᠬᠤᠭᠤᠯᠠᠢ ᠪᠠᠯᠭᠠᠰᠤ᠂ ᠲᠦᠴᠡᠩᠽ ᠰᠢᠶᠠᠩ ᠤᠨ ᠠᠷᠠᠳ ᠤᠨ ᠵᠠᠰᠠᠭ ᠤᠨ ᠣᠷᠳᠣᠨ᠂ ᠬᠤᠰᠢᠭᠤᠨ ᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠥᠴᠢᠷ᠄      ᠡᠳᠦᠭᠡ ︽ᠨᠠᠢᠮᠠᠨ ᠬᠤᠰᠢᠭᠤᠨ ᠤ 2023 ᠣᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠬᠦ ᠪᠡᠯᠡᠳᠭᠡᠯ ᠲᠥᠰᠥᠯ︾ ᠢ ᠳᠠᠷᠤᠮᠠᠯᠯᠠᠨ ᠶᠠᠪᠤᠭᠤᠯᠤᠯ᠎ᠠ᠂ ᠪᠣᠳᠠᠲᠠᠢ ᠲᠠᠢ ᠪᠠᠨ ᠤᠶᠠᠯᠳᠤᠭᠤᠯᠤᠨ᠂  ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢ ᠰᠠᠶᠢᠲᠤᠷ ᠠᠳᠬᠤᠲᠤᠭᠠᠢ᠃                                      2023 ᠣᠨ ᠤ 5 ᠰᠠᠷ᠎ᠠ ᠶᠢᠨ 4 ᠤ ᠡᠳᠦᠷ      ︵ᠲᠣᠰ ᠮᠠᠲ᠋ᠧᠷᠢᠶᠠᠯ ᠢ ᠢᠯᠡ ᠪᠠᠷ ᠨᠡᠶᠢᠲᠡᠯᠡᠨ᠎ᠡ︶      ᠨᠠᠢᠮᠠᠨ ᠬᠤᠰᠢᠭᠤᠨ ᠤ 2023 ᠣᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠬᠦ ᠪᠡᠯᠡᠳᠬᠡᠯ ᠲᠥᠰᠥᠯ      ᠮᠠᠨ ᠤ ᠬᠤᠰᠢᠭᠤᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠠᠵᠢᠯ ᠢ ᠴᠢᠩᠭᠠᠳᠬᠠᠨ᠂ ᠭᠠᠵᠠᠷ  ᠤᠨ ᠭᠠᠢ ᠭᠠᠮᠰᠢᠭ ᠠᠴᠠ ᠪᠣᠯᠤᠭᠰᠠᠨ ᠬᠤᠬᠢᠷᠠᠯ ᠢ ᠬᠠᠮᠤᠭ ᠤᠨ ᠶᠡᠭᠡ ᠬᠡᠮᠵᠢᠶ᠎ᠡ ᠪᠠᠷ ᠪᠠᠭᠠᠰᠬᠠᠵᠤ᠂ ᠠᠷᠠᠳ ᠲᠦᠮᠡᠨ ᠤ ᠠᠮᠢ ᠨᠠᠰᠤ ᠪᠠ ᠡᠳ᠋ ᠬᠦᠷᠥᠩᠭᠡ ᠶᠢᠨ ᠠᠮᠤᠷ ᠲᠦᠪᠰᠢᠨ ᠢ ᠪᠠᠲᠤᠯᠠᠬᠤ ᠶᠢᠨ ᠲᠦᠯᠦᠭᠡ᠂ ︽ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠳᠦᠷᠢᠮ︾ ᠢ ᠦᠨᠳᠦᠰᠦᠯᠡᠨ᠂ ᠮᠠᠨ ᠤ ᠬᠤᠰᠢᠭᠤᠨ ᠤ ᠭᠠᠵᠠᠷ ᠤᠨ ᠭᠠᠢ ᠭᠠᠮᠰᠢᠭ ᠤᠨ ᠣᠳᠣᠬᠢ ᠪᠠᠶᠢᠳᠠᠯ ᠵᠢᠴᠢ 2023 ᠣᠨ ᠤ ᠴᠠᠭ ᠠᠭᠤᠷ ᠤᠨ ᠬᠠᠨᠳᠤᠰᠢ ᠲᠠᠢ ᠤᠶᠠᠯᠳᠤᠭᠤᠯᠵᠤ᠂ ᠳᠤᠰ ᠪᠡᠯᠡᠳᠬᠡᠯ ᠲᠥᠰᠥᠯ ᠢ ᠨᠠᠶᠢᠷᠠᠭᠤᠯᠤᠨ ᠵᠣᠬᠢᠶᠠᠪᠠ᠃      ᠨᠢᠭᠡ᠂ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠵᠠᠷᠴᠢᠮ      ︽ᠰᠡᠷᠭᠡᠶᠢᠯᠡᠬᠦ ᠪᠠᠷ ᠭᠤᠣᠯ ᠪᠣᠯᠭᠠᠨ᠂ ᠭᠠᠮᠰᠢᠭ ᠠᠴᠠ ᠵᠠᠶᠢᠯᠠᠬᠤ ᠪᠠ ᠵᠠᠰᠠᠬᠤ ᠶᠢ ᠤᠶᠠᠯᠳᠤᠭᠤᠯᠬᠤ︾ ᠴᠢᠭᠯᠡᠯᠲᠡ ᠪᠣᠯᠣᠨ ︽ᠬᠡᠨ ᠵᠠᠰᠠᠪᠠᠯ ᠲᠡᠷᠡ ᠬᠠᠮᠢᠶᠠᠷᠴᠤ᠂ ᠲᠡᠷᠡ ᠠᠰᠢᠭ ᠬᠦᠷᠳᠡᠬᠦ︾ ᠵᠠᠷᠴᠢᠮ ᠤᠨ ᠶᠣᠰᠣᠭᠠᠷ᠂ ᠮᠣᠳᠣ ᠲᠡᠷᠢᠬᠤ᠂ ᠡᠪᠡᠰᠦ ᠲᠡᠷᠢᠬᠤ᠂ ᠠᠭᠤᠯᠠ ᠵᠠᠰᠠᠬᠤ᠂ ᠵᠠᠶᠢᠯᠠᠨ ᠰᠢᠯᠵᠢᠬᠦ ᠵᠡᠷᠭᠡ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠶᠢ ᠠᠪᠴᠤ᠂ ᠠᠮᠠᠷᠬᠠᠨ ᠡᠭᠦᠰᠬᠦ ᠣᠷᠣᠨ ᠪᠣᠯᠣᠨ ᠠᠶᠤᠯ ᠲᠠᠢ ᠣᠷᠣᠨ ᠤ ᠤᠯᠡᠠ ᠲᠦᠮᠡᠨ ᠤ ᠭᠠᠮᠰᠢᠭ ᠢ ᠰᠡᠷᠭᠡᠶᠢᠯᠡᠨ ᠵᠠᠰᠠᠬᠤ ᠢᠳᠡᠪᠬᠢᠵᠢᠯ ᠢ ᠭᠦᠢᠴᠡᠳ ᠲᠡᠶᠢᠴᠢᠯᠡᠠ᠂ ᠰᠡᠷᠭᠡᠶᠢᠯᠡᠨ ᠵᠠᠰᠠᠬᠤ ᠴᠢᠳᠠᠪᠤᠷᠢ ᠪᠠᠨ ᠦᠨᠡᠨᠬᠦ ᠳᠡᠭᠡᠭᠰᠢᠯᠡᠭᠦᠯᠵᠦ᠂ ᠠᠷᠠᠳ ᠤᠯᠡᠠ ᠤ ᠠᠮᠢ ᠨᠠᠰᠤ ᠪᠠ ᠡᠳ᠋ ᠬᠥᠷᠥᠩᠭᠡ ᠶᠢᠨ ᠠᠮᠤᠷ ᠲᠦᠪᠰᠢᠨ ᠢ ᠪᠠᠲᠤᠯᠠᠨ᠎ᠠ᠃      ᠬᠤᠶᠠᠷ᠂ 2023 ᠣᠨ ᠤ ᠭᠠᠵᠠᠷ ᠤᠨ ᠭᠠᠢ ᠭᠠᠮᠰᠢᠭ ᠤᠨ ᠵᠢᠱᠢᠯᠲᠡ      ︵ᠨᠢᠭᠡ︶ 2023 ᠣᠨ ᠤ ᠣᠬᠤᠷ ᠬᠤᠭᠤᠴᠠᠭᠠᠨ ᠤ ᠲᠤᠨᠳᠠᠰᠤ ᠶᠢᠨ ᠵᠢᠱᠢᠯᠲᠡ᠃ ᠴᠠᠭ ᠠᠭᠤᠷ ᠤᠨ ᠰᠠᠯᠠᠭ᠎ᠠ ᠮᠥᠴᠢᠷ ᠤᠨ ᠵᠢᠱᠢᠯᠲᠡ ᠶᠢ ᠦᠨᠳᠦᠰᠦᠯᠡᠪᠡᠯ᠂ ᠨᠠᠢᠮᠠᠨ ᠬᠤᠰᠢᠭᠤᠨ ᠤ 2023 ᠣᠨ ︵3 ᠰᠠᠷ᠎ᠠ ~ 8 ᠰᠠᠷ᠎ᠠ︶ ᠤ ᠬᠤᠷ᠎ᠠ ᠲᠤᠨᠳᠠᠰᠤᠨ ᠤ ᠬᠡᠮᠵᠢᠶ᠎ᠡ ᠳᠤᠮᠳᠠ ᠬᠤᠶᠢᠲᠤ ᠬᠡᠰᠡᠭ 200mm ~ 300mm᠂ ᠡᠮᠦᠨᠡᠲᠦ ᠬᠡᠰᠡᠭ ᠤᠨ ᠠᠭᠤᠯᠠᠷᠬᠠᠭ ᠣᠷᠣᠨ 200mm ~ 380mm ᠪᠠᠶᠢᠵᠤ᠂ ᠥᠩᠭᠡᠷᠡᠭᠰᠡᠨ ᠵᠢᠯ  ᠤᠨ ᠬᠢ ᠠᠴᠠ ᠪᠠᠭ᠎ᠠ ᠰᠢᠭ᠋᠃ ᠬᠠᠪᠤᠷ ᠤᠨ ᠤᠯᠠᠷᠢᠯ ᠳᠤ ᠬᠤᠷ᠎ᠠ ᠲᠤᠨᠳᠠᠰᠤ ᠪᠠᠭ᠎ᠠ᠂ ᠠᠭᠠᠷ ᠤᠨ ᠳᠤᠯᠠᠭᠠᠨ ᠥᠨᠳᠥᠷ ᠰᠢᠭ᠂ ᠵᠤᠨ ᠤ ᠤᠯᠠᠷᠢᠯ ᠳᠤ ᠬᠤᠷ᠎ᠠ ᠲᠤᠨᠳᠠᠰᠤ ᠪᠠᠭ᠎ᠠ᠂ ᠠᠭᠠᠷ ᠤᠨ ᠳᠤᠯᠠᠭᠠᠨ ᠵᠢᠭᠠᠬᠠᠨ ᠥᠨᠳᠥᠷ᠂ ᠰᠣᠯᠢᠭ ᠤᠷᠤᠰᠬᠠᠯ ᠤᠨ ᠴᠢᠨᠠᠷᠲᠠᠢ ᠬᠤᠷ᠎ᠠ ᠲᠤᠨᠳᠠᠰᠤ ᠪᠠᠷ ᠭᠤᠣᠯᠯᠠᠵᠤ᠂ ᠴᠠᠭ ᠪᠠ ᠣᠷᠣᠨ ᠵᠠᠢ ᠶᠢᠨ ᠲᠠᠷᠬᠠᠯᠲᠠ ᠲᠤᠶᠢᠯ ᠤᠨ ᠵᠢᠭᠳᠡ ᠪᠤᠰᠤ ᠪᠠᠶᠢᠵᠤ᠂ ᠠᠮᠠᠷᠬᠠᠨ ᠮᠥᠨᠳᠥᠷ᠂ ᠠᠶᠤᠩᠭ᠎ᠠ ᠴᠠᠬᠢᠯᠭᠠᠨ᠂ ᠶᠡᠭᠡ ᠰᠠᠯᠬᠢ᠂ ᠬᠡᠰᠡᠭ ᠭᠠᠵᠠᠷ ᠲᠤ ᠰᠢᠷᠦᠭᠦᠨ ᠪᠣᠷᠣᠭᠠᠨ ᠪᠠ ᠦᠶᠡᠷ ᠤᠰᠤᠲᠤᠯ ᠡᠭᠦᠰᠴᠦ᠂ ᠬᠠᠪᠤᠷ ᠵᠤᠨ ᠤ ᠤᠯᠠᠷᠢᠯ ᠳᠤ ᠴᠦᠮ ᠱᠠᠲᠤ ᠦᠶᠡᠴᠢ ᠶᠢᠨ ᠴᠢᠨᠠᠷᠲᠠᠢ ᠭᠠᠩ ᠬᠠᠭᠤᠷᠠᠢ ᠴᠠᠭ ᠠᠭᠤᠷ ᠢᠯᠡᠷᠡᠵᠦ ᠮᠡᠳᠡᠨ᠎ᠡ᠂ ᡽ᠡᠴᠦᠰ ᠤᠨ ᠬᠢᠷᠠᠭᠤ ᠡᠷᠲᠡ ᠰᠢᠭ᠂ ᠡᠯᠡᠰᠦᠨ ᠰᠢᠭᠤᠷᠭ᠎ᠠ ᠤᠨ ᠡᠳᠦᠷ ᠤᠨ ᠲᠤᠭ᠎ᠠ  ᠪᠠᠭ᠎ᠠ ᠰᠢᠭ᠋᠃      ︵ᠬᠤᠶᠠᠷ︶ ᠤᠯᠠᠷᠢᠯ ᠢᠶᠠᠷ ᠤᠷᠢᠳᠴᠢᠯᠠᠨ ᠮᠡᠳᠡᠭᠡᠯᠡᠬᠦ      1.ᠬᠠᠪᠤᠷ ᠤᠨ ᠤᠯᠠᠷᠢᠯ ︵3 ᠰᠠᠷ᠎ᠠ ~5 ᠰᠠᠷ᠎ᠠ︶      ᠲᠤᠨᠳᠠᠰᠤᠨ ᠤ ᠬᠡᠮᠵᠢᠶ᠎ᠡ ᠶᠢᠨ ᠬᠠᠨᠳᠤᠰᠢ᠄ ᠳᠤᠮᠳᠠ ᠬᠤᠶᠢᠲᠤ ᠬᠡᠰᠡᠭ ᠤᠨ ᠰᠢᠶᠠᠩ ᠪᠠᠯᠭᠠᠰᠤ 47mm ~ 59mm᠂ ᠡᠮᠦᠨᠡᠲᠦ ᠬᠡᠰᠡᠭ ᠤᠨ ᠠᠭᠤᠯᠠᠷᠬᠠᠭ ᠣᠷᠣᠨ 62mm ~ 77mm ᠪᠠᠶᠢᠵᠤ᠂ ᠡᠩ ᠤᠨ ᠵᠢᠯ ᠤᠨ  ᠬᠢ ᠠᠴᠠ 0 ~ 2 ᠬᠤᠪᠢ ᠳᠤᠲᠠᠭᠤ᠃      ᠠᠭᠠᠷ ᠤᠨ ᠳᠤᠯᠠᠭᠠᠨ ᠤ ᠬᠠᠨᠳᠤᠰᠢ᠄ ᠳᠤᠮᠳᠠ ᠬᠤᠶᠢᠲᠤ ᠬᠡᠰᠡᠭ ᠤᠨ ᠰᠢᠶᠠᠩ ᠪᠠᠯᠭᠠᠰᠤᠨ ᠤ ᠳᠤᠮᠳᠠᠴᠢ ᠠᠭᠠᠷ ᠤᠨ ᠳᠤᠯᠠᠭᠠᠨ ᠨᠢ 10.1℃ ~ 11.1℃ ᠤᠨ ᠬᠤᠭᠤᠷᠣᠨᠳᠤ ᠪᠠᠶᠢᠵᠤ᠂ ᠡᠮᠦᠨᠡᠲᠦ ᠬᠡᠰᠡᠭ ᠤᠨ ᠠᠭᠤᠯᠠᠷᠬᠠᠭ ᠣᠷᠣᠨ 9.5℃ ~ 10.5℃ ᠤᠨ ᠬᠤᠭᠤᠷᠣᠨᠳᠤ ᠪᠠᠶᠢᠵᠤ᠂ ᠪᠦᠷ ᠡᠩ ᠤᠨ ᠵᠢᠯ ᠤᠨ ᠬᠢ ᠠᠴᠠ 1℃~2℃ ᠥᠨᠳᠥᠷ᠃      ᠶᠡᠭᠡ ᠰᠠᠯᠬᠢᠨ ᠤ ᠡᠳᠦᠷ ᠤᠨ ᠲᠤᠭ᠎ᠠ᠄ ᠪᠥᠬᠦ ᠬᠤᠰᠢᠭᠤᠨ ᠤ ᠶᠡᠭᠡ ᠰᠠᠯᠬᠢᠨ ᠤ ᠡᠳᠦᠷ ᠤᠨ ᠲᠤᠭ᠎ᠠ ᠨᠢ 5~13 ᠡᠳᠦᠷ ᠤᠨ ᠬᠤᠭᠤᠷᠣᠨᠳᠤ ᠪᠠᠶᠢᠵᠤ᠂ ᠡᠩ ᠤᠨ ᠵᠢᠯ ᠳᠤ ᠣᠶᠢᠷᠠᠲᠤᠨ᠎ᠠ᠃      ᠡᠯᠡᠰᠦᠨ ᠰᠢᠭᠤᠷᠭ᠎ᠠ ᠶᠢᠨ ᠶᠠᠪᠤᠴᠠ ᠶᠢᠨ ᠲᠤᠭ᠎ᠠ᠄ ᠪᠥᠬᠦ ᠬᠤᠰᠢᠭᠤᠨ ᠤ ᠡᠯᠡᠰᠦᠨ ᠰᠢᠭᠤᠷᠭ᠎ᠠ ᠶᠢᠨ ᠶᠠᠪᠤᠴᠠ  ᠶᠢᠨ ᠲᠤᠭ᠎ᠠ ᠨᠢ 1~2 ᠤᠳᠠᠭ᠎ᠠ ᠪᠠᠶᠢᠵᠤ᠂ ᠡᠩ ᠤᠨ ᠵᠢᠯ ᠤᠨ ᠬᠢ ᠠᠴᠠ ᠴᠥᠭᠡᠨ ᠰᠢᠭ ᠪᠠᠶᠢᠳᠠᠭ᠃      ᠬᠢᠷᠠᠭᠤ ᠤᠨᠠᠬᠤ ᠬᠤᠭᠤᠴᠠᠭ᠎ᠠ᠄ ᠪᠥᠬᠦ ᠬᠤᠰᠢᠭᠤᠨ ᠤ ᠬᠠᠪᠤᠷ ᠤᠨ ᠤᠯᠠᠷᠢᠯ ᠤᠨ ᠬᠢᠷᠠᠭᠤ ᠤᠨᠠᠬᠤ ᠬᠤᠭᠤᠴᠠᠭ᠎ᠠ ᠨᠢ 4 ᠰᠠᠷ᠎ᠠ ᠶᠢᠨ ᠰᠡᠭᠦᠯᠴᠢ ᠠᠴᠠ 5 ᠰᠠᠷ᠎ᠠ ᠶᠢᠨ ᠡᠬᠢᠨ ᠪᠣᠯᠲᠠᠯ᠎ᠠ᠂ ᠡᠩ ᠤᠨ ᠵᠢᠯ ᠤᠨ ᠬᠢ ᠠᠴᠠ 1~5 ᠡᠳᠦᠷ ᠡᠷᠲᠡ᠃      ᠨᠢᠭᠡᠳᠦᠭᠡᠷ ᠤᠳᠠᠭᠠᠨ ᠤ ᠨᠡᠪᠲᠡᠷᠡᠲᠡᠯ᠎ᠡ ᠤᠷᠤᠬᠤ ᠪᠣᠷᠣᠭᠠᠨ᠄ 5 ᠰᠠᠷ᠎ᠠ ᠶᠢᠨ ᠳᠤᠮᠳᠠ ᠬᠤᠭᠤᠴᠠᠭ᠎ᠠ ᠠᠴᠠ ᠰᠡᠭᠦᠯ ᠤᠨ ᠬᠤᠭᠤᠴᠠᠭ᠎ᠠ ᠳᠤ ᠢᠯᠡᠷᠡᠵᠦ᠂ ᠡᠩ ᠤᠨ ᠵᠢᠯ ᠤᠨ ᠬᠢ ᠠᠴᠠ ᠵᠢᠭᠠᠬᠠᠨ ᠤᠷᠤᠢ᠃      2. ᠵᠤᠨ ᠤ ᠤᠯᠠᠷᠢᠯ ︵6 ᠰᠠᠷ᠎ᠠ~8 ᠰᠠᠷ᠎ᠠ︶      ᠲᠤᠨᠳᠠᠰᠤᠨ ᠤ ᠬᠡᠮᠵᠢᠶ᠎ᠡ ᠶᠢᠨ ᠬᠠᠨᠳᠤᠰᠢ᠄ ᠳᠤᠮᠳᠠ ᠬᠤᠶᠢᠲᠤ ᠬᠡᠰᠡᠭ ᠤᠨ ᠰᠢᠶᠠᠩ ᠪᠠᠯᠭᠠᠰᠤ 190mm ~ 240mm ᠤᠨ ᠬᠤᠭᠤᠷᠣᠨᠳᠤ᠂ ᠡᠮᠦᠨᠡᠲᠦ ᠬᠡᠰᠡᠭ ᠤᠨ ᠠᠭᠤᠯᠠᠷᠬᠠᠭ ᠣᠷᠣᠨ ᠤ ᠲᠤᠨᠳᠠᠰᠤᠨ ᠤ ᠬᠡᠮᠵᠢᠶ᠎ᠡ 240mm ~ 300mm ᠤᠨ ᠬᠤᠭᠤᠷᠣᠨᠳᠤ ᠪᠠᠶᠢᠵᠤ᠂ ᠡᠩ ᠤᠨ ᠵᠢᠯ ᠤᠨ ᠬᠢ ᠠᠴᠠ 0 ~ 2 ᠬᠤᠪᠢ ᠳᠤᠲᠠᠭᠤ᠃     ᠠᠭᠠᠷ ᠤᠨ ᠳᠤᠯᠠᠭᠠᠨ ᠤ ᠬᠠᠨᠳᠤᠰᠢ᠄ ᠳᠤᠮᠳᠠ ᠬᠤᠶᠢᠲᠤ ᠬᠡᠰᠡᠭ ᠤᠨ ᠰᠢᠶᠠᠩ ᠪᠠᠯᠭᠠᠰᠤᠨ ᠤ ᠠᠭᠠᠷ ᠤᠨ ᠳᠤᠯᠠᠭᠠᠨ 22.8℃ ~ 26.0℃ ᠤᠨ ᠬᠤᠭᠤᠷᠣᠨᠳᠤ ᠪᠠᠶᠢᠵᠤ᠂ ᠡᠮᠦᠨᠡᠲᠦ ᠬᠡᠰᠡᠭ ᠤᠨ ᠠᠭᠤᠯᠠᠷᠬᠠᠭ ᠣᠷᠣᠨ 21.9℃ ~ 23.0℃ ᠤᠨ ᠬᠤᠭᠤᠷᠣᠨᠳᠤ ᠪᠠᠶᠢᠵᠤ᠂ ᠡᠩ ᠤᠨ ᠵᠢᠯ ᠤᠨ ᠬᠢ ᠠᠴᠠ 1~3.5℃ ᠥᠨᠳᠥᠷ᠃      ᠭᠤᠷᠪᠠ᠂ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠭᠤᠣᠯᠳᠠᠯᠭ᠎ᠠ ᠲᠠᠢ ᠣᠷᠣᠨ      ︵ᠨᠢᠭᠡ︶ ᠠᠮᠠᠷᠬᠠᠨ ᠡᠭᠦᠰᠬᠦ ᠣᠷᠣᠨ᠃ ᠪᠥᠬᠦ ᠬᠤᠰᠢᠭᠤᠨ ᠤ ᠭᠠᠵᠠᠷ ᠣᠷᠣᠨ ᠤ ᠭᠠᠵᠠᠷ ᠰᠢᠨᠵᠢᠯᠡᠭᠡ᠂ ᠭᠠᠵᠠᠷ ᠵᠦᠢ ᠶᠢᠨ ᠣᠷᠴᠢᠨ ᠲᠣᠭᠤᠷᠢᠨ ᠤ ᠨᠥᠬᠦᠴᠡᠯ ᠢ ᠦᠨᠳᠦᠰᠦᠯᠡᠨ᠂ ᠴᠠᠭ ᠠᠭᠤᠷ᠂ ᠭᠠᠵᠠᠷ ᠬᠥᠳᠡᠯᠦᠯᠲᠡ ᠶᠢᠨ ᠬᠠᠨᠳᠤᠰᠢ ᠶᠢ ᠤᠷᠢᠳᠴᠢᠯᠠᠨ ᠮᠡᠳᠡᠭᠡᠯᠡᠬᠦ ᠮᠠᠲ᠋ᠧᠷᠢᠶᠠᠯ ᠤᠨ ᠶᠡᠷᠦᠩᠬᠡᠶᠢᠯᠡᠭᠰᠡᠨ ᠵᠠᠳᠠᠯᠤᠯᠲᠠ ᠲᠠᠢ ᠤᠶᠠᠯᠳᠤᠭᠤᠯᠤᠨ᠂ ᠮᠠᠨ ᠤ ᠬᠤᠰᠢᠭᠤᠨ ᠤ ᠡᠮᠦᠨ᠎ᠡ ᠬᠡᠰᠡᠭ ᠤᠨ ᠠᠭᠤᠯᠠᠷᠬᠠᠭ ᠣᠷᠣᠨ ᠤ ᠴᠢᠩ ᠯᠦᠩ ᠱᠠᠨ ᠪᠠᠯᠭᠠᠰᠤ᠂ ᠲᠦᠴᠧᠩᠽ ᠰᠢᠶᠠᠩ᠂ ᠰᠢᠨ ᠵᠧᠨ ᠪᠠᠯᠭᠠᠰᠤ᠂ ᠰᠢᠷᠠᠬᠤᠭᠤᠯᠠᠢ ᠪᠠᠯᠭᠠᠰᠤ ᠵᠡᠷᠭᠡ ᠰᠢᠶᠠᠩ ᠪᠠᠯᠭᠠᠰᠤ ᠨᠢ ᠭᠠᠮᠰᠢᠭ ᠠᠮᠠᠷᠬᠠᠨ ᠡᠭᠦᠰᠳᠡᠭ ᠣᠷᠣᠨ ᠳᠤ ᠵᠢᠭᠰᠠᠭᠠᠭᠳᠠᠪᠠ᠃ ᠡᠲᠡᠭᠡᠷ ᠭᠠᠵᠠᠷ ᠣᠷᠣᠨ ᠤ ᠠᠭᠤᠯᠠᠨ ᠬᠥᠲᠥᠯ ᠤᠨ ᠡᠷᠭᠢ᠂ ᠳᠣᠪᠣᠴᠠᠭ ᠤᠨ ᠥᠨᠳᠥᠷ ᠭᠠᠵᠠᠷ ᠤᠨ ᠪᠦᠰᠡ ᠳᠤ ᠣᠯᠠᠩᠬᠢ ᠳᠠᠭᠠᠨ ᠨᠡᠯᠢᠶᠡᠳ ᠵᠤᠵᠠᠭᠠᠨ ᠨᠤᠨᠳᠠᠭ ᠰᠢᠷᠣᠢ ᠲᠠᠷᠬᠠᠵᠤ ᠂ ᠦᠶᠡᠷ ᠤᠨ ᠤᠰᠤ ᠪᠠ ᠶᠡᠭᠡ᠂ ᠰᠢᠷᠦᠭᠦᠨ ᠪᠣᠷᠣᠭᠠᠨ ᠤ ᠤᠷᠤᠰᠬᠠᠭᠳᠠᠯ ᠳᠣᠣᠷ᠎ᠠ᠂ ᠨᠡᠯᠢᠶᠡᠳ ᠶᠡᠭᠡ ᠭᠤᠸ ᠪᠠ ᠤᠷᠤᠰᠬᠠᠯᠲᠤ ᠭᠤᠸ ᠪᠣᠶ ᠪᠣᠯᠵᠤ᠂ ᠰᠢᠷ᠎ᠠ ᠰᠢᠷᠣᠢ ᠶᠢᠨ ᠡᠭᠴᠡ ᠠᠰᠬ᠎ᠠ ᠨᠢ ᠨᠡᠯᠢᠶᠡᠳ ᠠᠷᠪᠢᠨ᠂ ᠰᠢᠷᠣᠢ ᠶᠢᠨ ᠪᠡᠶ᠎ᠡ ᠶᠢᠨ ᠲᠣᠭᠲᠠᠪᠤᠷᠢᠲᠤ ᠴᠢᠨᠠᠷ ᠢᠶᠠᠷ ᠨᠡᠯᠢᠶᠡᠳ ᠮᠠᠭᠤ ᠪᠠᠶᠢᠵᠤ᠂ ᠦᠶᠡᠷ ᠤᠨ ᠤᠰᠤ ᠪᠠ ᠶᠡᠭᠡ᠂ ᠰᠢᠷᠦᠭᠦᠨ ᠪᠣᠷᠣᠭᠠᠨ ᠤ ᠦᠢᠯᠡᠳᠦᠯ᠂ ᠥᠪᠡᠷ ᠤᠨ ᠬᠦᠨᠳᠦ ᠶᠢᠨ ᠦᠢᠯᠡᠳᠦᠯ ᠵᠢᠴᠢ ᠭᠠᠵᠠᠷ ᠬᠥᠳᠡᠯᠦᠯᠲᠡ ᠶᠢᠨ ᠨᠥᠯᠥᠭᠡᠯᠡᠯ ᠳᠣᠣᠷ᠎ᠠ ᠠᠮᠠᠷᠬᠠᠨ ᠨᠤᠷᠠᠵᠤ ᠶᠡᠭᠦᠷᠡᠬᠦ᠂ ᠠᠭᠤᠯᠠ ᠶᠡᠭᠦᠷᠡᠬᠦ᠂ ᠰᠢᠪᠠᠷ ᠴᠢᠯᠠᠭᠤᠨ ᠤ ᠤᠷᠤᠰᠬᠠᠯ ᠵᠡᠷᠭᠡ ᠭᠠᠢ ᠭᠠᠮᠰᠢᠭ ᠡᠭᠦᠰᠳᠡᠭ᠃      ︵ᠬᠤᠶᠠᠷ︶ ᠠᠶᠤᠯ ᠲᠠᠢ ᠣᠷᠣᠨ᠃ ᠨᠠᠢᠮᠠᠨ ᠬᠤᠰᠢᠭᠤᠨ ᠤ ᠬᠢᠯᠢ ᠳᠣᠲᠣᠷᠠᠬᠢ ᠭᠠᠵᠠᠷ ᠤᠨ ᠭᠠᠢ ᠭᠠᠮᠰᠢᠭ ᠤᠨ ᠳᠠᠯᠳᠠ ᠬᠡᠮ ᠤᠨ ᠴᠡᠭ ᠤᠨ ᠲᠥᠷᠥᠯ ᠵᠦᠢᠯ ᠳᠤ ᠨᠤᠷᠠᠵᠤ ᠶᠡᠭᠦᠷᠡᠬᠦ᠂ ᠮᠠᠯᠲᠠᠵᠤ ᠬᠥᠨᠳᠡᠶᠢᠷᠡᠭᠦᠯᠦᠭᠰᠡᠨ ᠣᠷᠣᠨ ᠴᠥᠮᠥᠷᠡᠬᠦ ᠬᠤᠶᠠᠷ ᠲᠥᠷᠥᠯ ᠪᠠᠭᠲᠠᠨ᠎ᠠ᠃ ᠨᠤᠷᠠᠯᠲᠠ ᠪᠣᠯ ᠬᠤᠰᠢᠭᠤᠨ ᠤ ᠳᠣᠲᠣᠷᠠᠬᠢ ᠬᠠᠮᠤᠭ ᠤᠨ ᠠᠮᠠᠷᠬᠠᠨ ᠡᠭᠦᠰᠳᠡᠭ ᠭᠠᠵᠠᠷ ᠤᠨ ᠭᠠᠢ ᠭᠠᠮᠰᠢᠭ ᠤᠨ ᠲᠥᠷᠥᠯ ᠵᠦᠢᠯ ᠤᠨ ᠨᠢᠭᠡ ᠪᠣᠯᠣᠨ᠎ᠠ᠂ ᠭᠤᠣᠯᠳᠠᠭᠤ ᠴᠢᠩ ᠯᠦᠩ ᠱᠠᠨ ᠪᠠᠯᠭᠠᠰᠤ  ᠲᠦᠴᠧᠩᠽ ᠰᠢᠶᠠᠩ᠂ ᠰᠢᠨ ᠵᠧᠨ ᠪᠠᠯᠭᠠᠰᠤ᠂ ᠰᠢᠷᠠᠬᠤᠭᠤᠯᠠᠢ ᠪᠠᠯᠭᠠᠰᠤ ᠵᠡᠷᠭᠡ ᠭᠠᠵᠠᠷ ᠢᠶᠠᠷ ᠲᠠᠷᠬᠠᠵᠤ ᠪᠣᠶ᠃ ᠨᠤᠷᠠᠯᠲᠠ ᠶᠢᠨ ᠲᠥᠷᠥᠯ ᠵᠦᠢᠯ ᠳᠤ ᠬᠦᠷᠦᠰᠦ ᠰᠢᠷᠣᠢ ᠶᠢᠨ ᠨᠤᠷᠠᠯᠲᠠ᠂ ᠴᠢᠯᠠᠭᠤᠯᠢᠭ ᠤᠨ ᠨᠤᠷᠠᠯᠲᠠ ᠭᠡᠬᠦ ᠬᠤᠶᠠᠷ ᠲᠥᠷᠥᠯ ᠪᠠᠭᠲᠠᠨ᠎ᠠ᠃ ᠡᠭᠦᠨ ᠤ ᠳᠣᠲᠣᠷ᠎ᠠ ᠬᠥᠷᠥᠰᠥ ᠰᠢᠷᠣᠢ ᠶᠢᠨ ᠨᠤᠷᠠᠯᠲᠠ ︵ᠰᠢᠷᠣᠢ ᠶᠢᠨ ᠠᠰᠬ᠎ᠠ᠂ ᠭᠤᠤ ᠶᠢᠨ ᠡᠷᠭᠢ᠂ ᠭᠤᠣᠯ ᠤᠨ ᠡᠷᠭᠢ︶ ᠨᠢ ᠵᠣᠩᠬᠢᠯᠠᠬᠤ ᠣᠯᠠᠨ ᠲᠤᠭ᠎ᠠ ᠶᠢ ᠡᠵᠡᠯᠡᠨ᠎ᠡ᠃ ᠨᠤᠷᠠᠵᠤ ᠶᠡᠭᠦᠷᠡᠬᠦ ᠬᠤᠣᠷ ᠬᠥᠨᠥᠭᠡᠯ ᠲᠠᠢ ᠡᠲᠡᠭᠡᠳ ᠲᠤ ᠨᠠᠯᠠᠤ ᠳᠣᠣᠷᠠᠬᠢ ᠠᠷᠠᠳ ᠤᠨ ᠭᠡᠷ ᠪᠠᠶᠢᠰᠢᠩ᠂ ᠲᠠᠷᠢᠶᠠᠨ ᠭᠠᠵᠠᠷ᠂ ᠣᠶᠢᠲᠤ ᠭᠠᠵᠠᠷ᠂ ᠬᠥᠳᠡᠭᠡ ᠲᠣᠰᠬᠤᠨ ᠤ ᠵᠠᠮ᠂ ᠴᠠᠬᠢᠯᠭᠠᠨ ᠬᠦᠷᠭᠡᠬᠦ ᠬᠦᠴᠦᠳᠡᠯ ᠥᠭᠡᠷᠡᠴᠢᠯᠡᠬᠦ ᠱᠤᠭᠤᠮ᠂ ᠭᠤᠣᠯ ᠮᠥᠷᠡᠨ ᠵᠡᠷᠭᠡ ᠪᠠᠭᠲᠠᠨ᠎ᠠ᠃      1. ᠨᠤᠷᠠᠯᠲᠠ ᠶᠢᠨ ᠳᠠᠯᠳᠠ ᠬᠡᠮ ᠤᠨ ᠴᠡᠭ      ︵1︶ ᠴᠢᠩ ᠯᠦᠩ ᠱᠠᠨ ᠪᠠᠯᠭᠠᠰᠤ᠄ ᠱᠠ ᠯᠢᠶᠠᠩ ᠽᠢ ᠲᠣᠰᠬᠤᠨ ᠤ ᠬᠠᠯᠠᠬᠠᠢ ᠭᠧᠦ ᠲᠣᠰᠬᠤᠨ ᠳᠤ᠂ ᠱᠠ ᠯᠢᠶᠠᠩ ᠽᠢ ᠲᠣᠰᠬᠤᠨ ᠤ ᠪᠠᠷᠠᠭᠤᠨ ᠱᠠ ᠽᠢ ᠲᠣᠰᠬᠤᠨ᠂ ᠱᠠ ᠯᠢᠶᠠᠩ ᠽᠢ ᠲᠣᠰᠬᠤᠨ ᠤ ᠪᠠᠷᠠᠭᠤᠨ ᠱᠠ ᠽᠢ ᠯᠢᠶᠠᠩ ᠲᠣᠰᠬᠤᠨ᠂ ᠤᠷᠢᠳᠤ ᠳ᠋ᠢᠶᠠᠨ ᠼᠦᠨ ᠲᠣᠰᠬᠤᠨ ᠤ ᠶᠠᠩ ᠵᠢᠶᠠ ᠭᠧᠦ ᠳᠤᠭᠤᠶᠢᠯᠠᠩ᠂ ᠨᠠᠢᠮᠠᠨ ᠬᠤᠰᠢᠭᠤᠨ ᠤ ᠪᠠᠶᠠᠨᠴᠠᠩ ᠰᠢᠶᠠᠩ ᠤᠨ ᠶᠠᠩ ᠵᠢᠶᠠ ᠭᠧᠦ ᠶᠢᠨ ᠴᠢᠯᠠᠭᠤ ᠮᠠᠯᠲᠠᠬᠤ ᠲᠠᠯᠠᠪᠠᠶ᠂ ᠨᠠᠢᠮᠠᠨ ᠬᠤᠰᠢᠭᠤᠨ ᠤ ᠰᠢᠨ ᠮᠧᠩ ᠠᠭᠤᠷᠬᠠᠢ ᠶᠢᠨ ᠦᠢᠯᠡᠰ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ ᠤ ᠯᠢ ᠬᠤᠸᠠ ᠴᠢᠯᠠᠭᠤ ᠮᠠᠯᠲᠠᠬᠤ ᠲᠠᠯᠠᠪᠠᠶ ᠨᠠᠢᠮᠠᠨ ᠬᠤᠰᠢᠭᠤᠨ ᠤ ᠶᠤᠸᠠᠨ ᠲᠦᠩ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ᠂ ᠨᠠᠢᠮᠠᠨ ᠬᠤᠰᠢᠭᠤᠨ ᠤ ᠹᠠᠩ ᠶᠤᠸᠠᠨ ᠭᠧᠦ ᠠᠭᠤᠷᠬᠠᠢ ᠶᠢᠨ ᠣᠷᠣᠨ ᠤ ᠲᠡᠮᠦᠷ ᠤᠨ ᠠᠭᠤᠷᠬᠠᠢ᠂ ᠨᠠᠢᠮᠠᠨ ᠬᠤᠰᠢᠭᠤᠨ ᠤ ᠴᠢᠩ ᠯᠦᠩ ᠱᠠᠨ ᠤ ᠶᠦᠩ ᠹᠧᠩ ᠤᠨ ᠴᠢᠯᠠᠭᠤ ᠬᠡᠮᠬᠡᠯᠡᠬᠦ ᠦᠢᠯᠡᠳᠪᠦᠷᠢ᠂ ᠨᠠᠢᠮᠠᠨ ᠬᠤᠰᠢᠭᠤᠨ ᠤ ᠴᠠᠩ ᠾᠧᠩ ᠠᠭᠤᠷᠬᠠᠢ ᠶᠢᠨ ᠴᠣᠬᠤᠢ ᠶᠢᠨ ᠴᠢᠯᠠᠭᠤᠨ ᠠᠭᠤᠷᠬᠠᠢ ᠂ ᠨᠠᠢᠮᠠᠨ ᠬᠤᠰᠢᠭᠤᠨ ᠤ ᠬᠤᠸᠠ ᠰᠢᠨ ᠴᠠᠬᠢᠭᠤᠷ ᠬᠦᠴᠢᠯ ᠤᠨ ᠳᠠᠪᠤᠰᠤᠨ ᠤ ᠪᠦᠲᠦᠭᠡᠭᠳᠡᠬᠦᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ ᠤ ᠳ᠋ᠧ ᠯᠢ ᠶᠢᠩᠽᠢ ᠪᠠᠷᠢᠯᠭ᠎ᠠ ᠳᠤ ᠬᠡᠷᠡᠭᠯᠡᠬᠦ ᠴᠢᠯᠠᠭᠤᠨ ᠠᠭᠤᠷᠬᠠᠢ ᠶᠢᠨ ᠭᠤᠷᠪᠠᠨᠲᠠ ᠮᠠᠯᠲᠠᠬᠤ ᠣᠷᠣᠨ᠂ ᠲᠦᠩᠯᠢᠶᠣᠣ ᠬᠤᠲᠠ ᠶᠢᠨ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ ᠤ ᠬᠠᠳᠠ ᠪᠠᠷᠢᠯᠭ᠎ᠠ ᠶᠢᠨ ᠴᠢᠯᠠᠭᠤᠨ ᠮᠠᠲ᠋ᠧᠷᠢᠶᠠᠯ ᠤᠨ ᠦᠢᠯᠡᠳᠪᠦᠷᠢ ᠶᠢᠨ ᠨᠡᠭᠡᠭᠡᠨ ᠮᠠᠯᠲᠠᠬᠤ ᠭᠠᠵᠠᠷ᠂  ᠳ᠋ᠠ ᠰᠠᠨ ᠵᠢᠶᠠ ᠲᠡᠮᠦᠷ ᠤᠨ ᠠᠭᠤᠷᠬᠠᠢ᠂ ᠲᠦᠩᠯᠢᠶᠣᠣ ᠬᠤᠲᠠ ᠶᠢᠨ ᠯᠦᠩ ᠹᠠ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ ᠶᠢᠨ ᠨᠠᠨ ᠳ᠋ᠠ ᠱᠠᠨ ᠪᠠᠷᠢᠯᠭ᠎ᠠ ᠶᠢᠨ ᠴᠢᠯᠠᠭᠤᠨ ᠮᠠᠲ᠋ᠧᠷᠢᠶᠠᠯ ᠳᠤ ᠬᠡᠷᠡᠭᠯᠡᠬᠦ ᠴᠣᠬᠤᠢ ᠶᠢᠨ ᠴᠢᠯᠠᠭᠤᠯᠢᠭ ᠤᠨ ᠠᠭᠤᠷᠬᠠᠢ᠂ ᠨᠠᠢᠮᠠᠨ ᠬᠤᠰᠢᠭᠤᠨ ᠤ ᠰᠢᠤᠸᠠᠨ ᠳ᠋ᠠ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ ᠶᠢᠨ ᠬᠠᠷ᠎ᠠ ᠲᠤᠭᠤᠯᠭ᠎ᠠ ᠴᠠᠶᠢᠷ ᠤᠨ ᠠᠭᠤᠷᠬᠠᠢ᠂ ᠥᠪᠥᠷ ᠮᠣᠩᠭᠤᠯ ᠤᠨ ᠨᠠᠢᠮᠠᠨ ᠬᠤᠰᠢᠭᠤᠨ ᠤ ᠳᠣᠣᠷᠠᠳᠤ ᠬᠠᠰᠢᠳᠤ ᠬᠠᠶᠢᠯᠤᠭᠤᠷ ᠵᠤᠩᠰᠢ ᠶᠢᠨ ᠠᠭᠤᠷᠬᠠᠢ᠃      ︵2︶ ᠰᠢᠨ ᠵᠧᠨ ᠪᠠᠯᠭᠠᠰᠤ᠄ ᠲᠢᠶᠧ ᠵᠢᠶᠠᠩ ᠭᠧᠦ ᠲᠣᠰᠬᠤᠨ ᠤ ᠬᠤᠶᠢᠲᠤ ᠬᠢᠷ᠎ᠠ ᠶᠢᠨ ᠳᠤᠭᠤᠶᠢᠯᠠᠩ ᠳᠤ᠂ ᠲᠢᠶᠧ ᠵᠢᠶᠠᠩ ᠭᠧᠦ ᠲᠣᠰᠬᠤᠨ ᠤ ᠭᠧᠦ ᠮᠧᠨ ᠽᠢ ᠳᠤᠭᠤᠶᠢᠯᠠᠩ᠂ ᠬᠤᠶᠢᠲᠤ ᠪᠠᠨ ᠢᠦᠢ ᠭᠧᠦ ᠲᠣᠰᠬᠤᠨ ᠤ ᠬᠤᠶᠠᠳᠤᠭᠠᠷ ᠠᠩᠭᠢ ᠶᠢᠨ ᠰᠦᠨ ᠱᠤ᠋ ᠴᠢᠦᠸᠠᠨ ᠤ ᠭᠡᠷ ᠤᠨ ᠠᠷᠤ ᠳᠤ᠂ ᠪᠧᠢ ᠳ᠋ᠠ ᠶᠢᠩᠽᠢ ᠲᠣᠰᠬᠤᠨ ᠤ ᠭᠤᠷᠪᠠᠳᠤᠭᠠᠷ ᠳᠤᠭᠤᠶᠢᠯᠠᠩ ᠨᠤᠷᠠᠵᠤ᠂ ᠨᠠᠢᠮᠠᠨ ᠬᠤᠰᠢᠭᠤᠨ ᠤ ᠪᠠᠢ ᠳ᠋ᠠ ᠱᠠᠨ ᠤ ᠴᠢᠯᠠᠭᠤ ᠮᠠᠯᠲᠠᠬᠤ ᠠᠭᠤᠷᠬᠠᠢ᠂ ᠨᠠᠢᠮᠠᠨ ᠬᠤᠰᠢᠭᠤᠨ ᠤ ᠭᠤᠸᠠᠩ ᠬᠤᠢ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ᠂ ᠲᠦᠩᠯᠢᠶᠣᠣ ᠶᠢᠨ ᠵᠦᠩ ᠯᠢᠶᠠᠨ ᠱᠦᠢᠨᠢ ᠶᠢᠨ ᠬᠢᠵᠠᠭᠠᠷᠲᠤ ᠺᠣᠮᠫᠠᠨᠢ ᠶᠢᠨ ᠴᠢᠯᠠᠭᠤᠨ ᠬᠥᠰᠢᠶ᠎ᠡ ᠶᠢᠨ ᠠᠭᠤᠷᠬᠠᠢ ᠶᠢᠨ ᠣᠷᠣᠨ ᠤ ᠳ᠋ᠠᠢ ᠸᠠᠩ ᠱᠠᠨ ᠤ ᠠᠭᠤᠷᠬᠠᠢ ᠶᠢᠨ ᠬᠡᠰᠡᠭ ᠤᠨ ᠴᠣᠬᠤᠢ ᠶᠢᠨ ᠴᠢᠯᠠᠭᠤᠯᠢᠭ ᠤᠨ ᠠᠭᠤᠷᠬᠠᠢ᠂ ᠨᠠᠢᠮᠠᠨ ᠬᠤᠰᠢᠭᠤᠨ ᠤ ᠪᠠᠶᠠᠨᠴᠠᠩ ᠰᠢᠶᠠᠩ ᠤᠨ ᠳ᠋ᠠᠢ ᠸᠠᠩ ᠱᠠᠨ ᠤ ᠴᠢᠯᠠᠭᠤ ᠮᠠᠯᠲᠠᠬᠤ ᠠᠭᠤᠷᠬᠠᠢ᠂ ᠨᠠᠢᠮᠠᠨ ᠬᠤᠰᠢᠭᠤᠨ ᠤ ᠵᠦᠩ ᠬᠤᠸᠠ ᠪᠤᠳᠠᠭᠠᠨ ᠴᠢᠯᠠᠭᠤ ᠶᠢᠨ ᠨᠡᠭᠡᠭᠡᠨ ᠬᠥᠭᠵᠢᠭᠦᠯᠦᠯᠲᠡ ᠶᠢᠨ ᠬᠢᠵᠠᠭᠠᠷᠲᠤ ᠺᠣᠮᠫᠠᠨᠢ ᠶᠢᠨ ᠵᠦᠩ ᠬᠤᠸᠠ ᠪᠤᠳᠠᠭᠠᠨ ᠴᠢᠯᠠᠭᠤ ᠶᠢᠨ ᠫᠢᠩ ᠳ᠋ᠢᠩ ᠱᠠᠨ ᠤ ᠠᠭᠤᠷᠬᠠᠢ᠃      ︵3︶ ᠰᠢᠷᠠᠬᠤᠭᠤᠯᠠᠢ ᠪᠠᠯᠭᠠᠰᠤ᠄ ᠾᠧᠢ ᠫᠤᠤᠽ ᠲᠣᠰᠬᠤᠨ ᠤ ᠾᠧᠢ ᠫᠤᠤᠽ ᠳᠤᠭᠤᠶᠢᠯᠠᠩ᠂ ᠨᠠᠢᠮᠠᠨ ᠬᠤᠰᠢᠭᠤᠨ ᠤ  ᠰᠢᠷᠠᠬᠤᠭᠤᠯᠠᠢ ᠪᠠᠯᠭᠠᠰᠤ ᠶᠢᠨ ᠴᠣᠬᠤᠢ ᠶᠢᠨ ᠴᠢᠯᠠᠭᠤᠯᠢᠭ ᠤᠨ ᠠᠭᠤᠷᠬᠠᠢ᠃      ︵4︶ ᠲᠦᠴᠧᠩᠽ ᠰᠢᠶᠠᠩ᠄ ᠰᠢᠩ ᠱᠤ᠋ ᠶᠤᠸᠠᠨᠽ ᠲᠣᠰᠬᠤᠨ ᠤ ᠺᠦ᠋ ᠯᠢ ᠲᠦ᠋ ᠳᠤᠭᠤᠶᠢᠯᠠᠩ᠂ ᠨᠠᠢᠮᠠᠨ ᠬᠤᠰᠢᠭᠤᠨ ᠤ ᠵᠦᠩ ᡁᠢ ᠠᠭᠤᠷᠬᠠᠢ ᠶᠢᠨ ᠦᠢᠯᠡᠰ ᠤᠨ ᠨᠡᠭᠡᠭᠡᠨ ᠬᠥᠭᠵᠢᠭᠦᠯᠦᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠲᠤᠤ ᠱᠠᠨ ᠤ ᠡᠮᠦᠨ᠎ᠡ ᠪᠡᠯ᠃      2. ᠴᠥᠮᠥᠷᠡᠬᠦ ᠲᠠᠯᠳᠠ ᠭᠡᠮ ᠤᠨ ᠴᠡᠭ      ᠮᠠᠨ ᠤ ᠬᠤᠰᠢᠭᠤᠨ ᠤ ᠭᠠᠵᠠᠷ ᠤᠨ ᠭᠠᠳᠠᠷᠭᠤ ᠶᠢᠨ ᠴᠥᠮᠥᠷᠡᠯ ᠤᠨ ᠬᠡᠮ ᠰᠣᠭᠤᠭ ᠨᠢ ᠠᠭᠤᠷᠬᠠᠢ ᠮᠠᠯᠲᠠᠵᠤ ᠬᠥᠨᠳᠡᠶᠢᠷᠡᠭᠦᠯᠦᠭᠰᠡᠨ ᠣᠷᠣᠨ ᠤ ᠴᠥᠮᠥᠷᠡᠯ ᠳᠤ ᠬᠠᠷᠢᠶᠠᠯᠠᠭᠳᠠᠨ᠎ᠠ᠃ ᠠᠭᠤᠷᠬᠠᠢ ᠶᠢᠨ ᠣᠷᠣᠨ ᠨᠢ ᠴᠢᠩ ᠯᠦᠩ ᠱᠠᠨ ᠪᠠᠯᠭᠠᠰᠤᠨ ᠤ ᠬᠢᠯᠢ ᠳᠤ ᠪᠠᠶᠢᠷᠢᠯᠠᠵᠤ᠂ ᠠᠭᠤᠷᠬᠠᠢ ᠶᠢᠨ ᠨᠡᠭᠡᠭᠡᠨ ᠮᠠᠯᠲᠠᠬᠤ ᠬᠡᠪᠴᠢᠶ᠎ᠡ ᠨᠢ ᠳᠤᠮᠳᠠ ᠬᠡᠯᠪᠡᠷᠢ ᠶᠢᠨ ᠪᠠᠶᠢᠳᠠᠭ᠃ ᠠᠭᠤᠷᠬᠠᠢ ᠶᠢᠨ ᠳᠠᠪᠬᠤᠷᠭ᠎ᠠ ᠶᠢᠨ ᠳᠡᠭᠡᠳᠦ ᠬᠡᠰᠡᠭ ᠨᠢ ᠭᠤᠣᠯᠳᠠᠭᠤ ᠬᠠᠪᠲᠠᠰᠤᠨ ᠴᠢᠯᠠᠭᠤᠯᠢᠭ᠂ ᠡᠯᠡᠰᠦᠨ ᠴᠢᠯᠠᠭᠤᠯᠢᠭ ᠪᠣᠯᠣᠨ᠎ᠠ᠃ ᠠᠭᠤᠷᠬᠠᠢ ᠮᠠᠯᠲᠠᠬᠤ ᠠᠵᠢᠯᠯᠠᠭ᠎ᠠ ᠨᠢ ᠨᠡᠯᠢᠶᠡᠳ ᠶᠡᠭᠡ ᠬᠡᠪᠴᠢᠶᠡᠨ ᠤ ᠭᠠᠵᠠᠷ ᠳᠣᠣᠷ᠎ᠠ ᠮᠠᠯᠲᠠᠵᠤ ᠬᠥᠨᠳᠡᠶᠢᠷᠡᠭᠦᠯᠦᠭᠰᠡᠨ ᠣᠷᠣᠨ ᠢ ᠪᠣᠶ ᠪᠣᠯᠭᠠᠬᠤ ᠶᠢᠨ ᠳᠡᠭᠡᠷ᠎ᠡ ᠣᠷᠣᠢ ᠶᠢᠨ ᠬᠠᠪᠲᠠᠰᠤ ᠶᠢᠨ ᠴᠢᠯᠠᠭᠤᠯᠢᠭ ᠤᠨ ᠲᠣᠭᠲᠠᠴᠠ ᠶᠢᠨ ᠠᠩ ᠵᠠᠪᠰᠠᠷ ᠨᠢ ᠨᠡᠯᠢᠶᠡᠳ ᠶᠡᠭᠡ ᠪᠠᠶᠢᠵᠤ᠂ ᠴᠢᠯᠠᠭᠤᠯᠢᠭ ᠤᠨ ᠲᠣᠭᠲᠠᠪᠤᠷᠢᠲᠤ ᠴᠢᠨᠠᠷ ᠢᠶᠠᠷ ᠨᠡᠯᠢᠶᠡᠳ ᠮᠠᠭᠤ ᠪᠠᠶᠢᠳᠠᠭ᠃ ᠨᠠᠢᠮᠠᠨ ᠬᠤᠰᠢᠭᠤᠨ ᠤ ᠰᠢᠤᠸᠠᠨ ᠳ᠋ᠠ ᠠᠭᠤᠷᠬᠠᠢ ᠶᠢᠨ ᠦᠢᠯᠡᠰ ᠤᠨ ᠬᠢᠵᠠᠭᠠᠷᠲᠤ ᠺᠣᠮᠫᠠᠨᠢ ᠶᠢᠨ ᠬᠠᠷ᠎ᠠ ᠲᠤᠭᠤᠯᠭ᠎ᠠ ᠴᠠᠶᠢᠷ ᠤᠨ ᠠᠭᠤᠷᠬᠠᠢ ᠪᠣᠯᠣᠨ ᠳᠣᠣᠷᠠᠳᠤ ᠬᠠᠰᠢᠶᠠᠲᠤ ᠤᠨ ᠬᠠᠶᠢᠯᠤᠭᠤᠷ ᠵᠤᠩᠰᠢ ᠶᠢᠨ ᠠᠭᠤᠷᠬᠠᠢ ᠨᠢ ᠠᠭᠤᠷᠬᠠᠢ ᠮᠠᠯᠲᠠᠵᠤ ᠬᠥᠨᠳᠡᠶᠢᠷᠡᠭᠦᠯᠦᠭᠰᠡᠨ ᠨᠤᠷᠤᠯᠲᠠ ᠶᠢᠨ ᠣᠷᠣᠨ ᠳᠤ  ᠬᠠᠷᠢᠶᠠᠯᠠᠭᠳᠠᠨ᠎ᠠ᠃      ᠳᠥᠷᠪᠡ᠂ ᠠᠵᠢᠯ ᠤᠨ ᠱᠠᠭᠠᠷᠳᠠᠯᠭ᠎ᠠ      ︵ᠨᠢᠭᠡ︶ ᠲᠠᠨᠢᠯᠲᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠬᠠᠷᠢᠭᠤᠴᠠᠯᠭᠠᠲᠤ ᠦᠵᠡᠯ ᠤᠬᠠᠮᠰᠠᠷ ᠢᠶᠠᠨ ᠴᠢᠩᠭᠠᠷᠠᠭᠤᠯᠤᠨ᠎ᠠ᠃ ᠡᠯ᠎ᠡ ᠰᠤᠮᠤ ᠰᠢᠶᠠᠩ ᠪᠠᠯᠭᠠᠰᠤ ᠶᠢᠨ ᠵᠠᠰᠠᠭ ᠤᠨ ᠣᠷᠳᠣᠨ ᠪᠣᠯ ᠲᠣᠰ ᠭᠠᠵᠠᠷ ᠣᠷᠣᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠬᠠᠷᠢᠭᠤᠴᠠᠯᠭ᠎ᠠ ᠶᠢᠨ ᠭᠤᠣᠯ ᠴᠣᠭᠴᠠ ᠮᠥᠨ᠂ ᠡᠯ᠎ᠡ ᠦᠨᠳᠦᠰᠦᠨ ᠱᠠᠲᠤᠨ ᠤ ᠪᠠᠶᠢᠭᠠᠯᠢ ᠶᠢᠨ ᠡᠬᠢ ᠪᠠᠶᠠᠯᠢᠭ ᠤᠨ ᠬᠠᠮᠢᠶᠠᠷᠤᠯᠲᠠ ᠶᠢᠨ ᠭᠠᠵᠠᠷ  ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠪᠣᠳᠠᠲᠠᠢ ᠠᠵᠢᠯ ᠤᠨ ᠡᠭᠦᠷᠭᠡ ᠡᠭᠦᠷᠭᠡᠯᠡᠵᠦ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠪᠠᠶᠢᠭᠤᠯᠤᠮᠵᠢ᠂ ᠠᠵᠢᠯᠲᠠᠨ᠂ ᠬᠠᠷᠢᠭᠤᠴᠠᠯᠭ᠎ᠠ᠂ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠶᠢᠨ ᠨᠠᠶᠢᠳᠠᠪᠤᠷᠢᠵᠢᠭᠤᠯᠤᠯᠲᠠ ᠶᠢ ᠦᠨᠡᠨᠬᠦ ᠰᠠᠶᠢᠲᠤᠷ ᠠᠳᠬᠤᠬᠤ ᠬᠡᠷᠡᠭᠲᠡᠢ᠃      ︵ᠬᠤᠶᠠᠷ︶ ᠰᠠᠭᠤᠷᠢ ᠲᠦᠬᠦᠭᠡᠷᠦᠮᠵᠢ ᠪᠠ ᠠᠵᠢᠯᠲᠠᠨ ᠤ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠨ᠎ᠠ᠃ ᠪᠠᠶᠢᠭᠠᠯᠢ ᠶᠢᠨ ᠡᠬᠢ ᠪᠠᠶᠠᠯᠢᠭ ᠤᠨ ᠶᠠᠮᠤᠨ ᠤ ᠭᠠᠵᠠᠷ ᠤᠨ ᠭᠠᠢ ᠭᠠᠮᠰᠢᠭ ᠢ ᠣᠯᠠᠨ ᠢᠶᠠᠷ ᠢᠶᠠᠨ ᠬᠡᠮᠵᠢᠵᠦ ᠣᠯᠠᠨ ᠢᠶᠠᠷ ᠢᠶᠠᠨ ᠰᠡᠷᠭᠡᠶᠢᠯᠡᠬᠦ ︽ᠠᠷᠪᠠ ᠪᠠᠶᠢᠬᠤ ᠰᠢᠶᠠᠨ︾ ᠤ ᠪᠦᠲᠦᠭᠡᠨ ᠪᠠᠶᠢᠭᠤᠯᠤᠯᠲᠠ᠂ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ︽ᠲᠠᠪᠤᠨ ᠱᠤᠭᠤᠮ︾ ︵ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠨᠢᠭᠡ ᠱᠤᠭᠤᠮ ᠂ ᠠᠵᠢᠯ ᠦᠢᠯᠡᠰ ᠤᠨ ᠲᠤᠯᠭᠠᠭᠤᠷᠢᠯᠠᠯ ᠤᠨ ᠨᠢᠭᠡ ᠱᠤᠭᠤᠮ᠂ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ‍ ᠨᠢᠭᠡ ᠱᠤᠭᠤᠮ᠂ ᠲᠤᠰᠬᠠᠢ ᠮᠡᠷᠭᠡᠵᠢᠯᠲᠡᠨ ᠠᠴᠠ ᠠᠰᠠᠭᠤᠨ ᠯᠠᠪᠯᠠᠬᠤ ᠨᠢᠭᠡ ᠱᠤᠭᠤᠮ᠂ ᠵᠠᠭᠤᠴᠢᠯᠠᠬᠤ ᠦᠢᠯᠡᠴᠢᠯᠡᠭᠡᠨ ᠤ ᠨᠢᠭᠡ ᠱᠤᠭᠤᠮ︶ ᠪᠣᠯᠣᠨ ᠰᠤᠮᠤ ᠰᠢᠶᠠᠩ ᠪᠠᠯᠭᠠᠰᠤ ᠶᠢᠨ ᠪᠠᠶᠢᠭᠠᠯᠢ ᠶᠢᠨ ᠡᠬᠢ ᠪᠠᠶᠠᠯᠢᠭ ᠤᠨ ᠬᠠᠮᠢᠶᠠᠷᠤᠯᠲᠠ ᠶᠢᠨ ᠭᠠᠵᠠᠷ ᠤᠨ ︽ᠲᠠᠪᠤ ᠶᠢ ᠪᠣᠳᠠᠲᠠᠶᠢᠵᠢᠭᠤᠯᠬᠤ︾ ︵ᠰᠠᠭᠤᠭᠠᠯᠢ ᠠᠷᠠᠳ ᠤᠨ ᠭᠡᠷ ᠪᠠᠷᠢᠬᠤ ᠭᠠᠵᠠᠷ ᠤᠨ ᠭᠠᠢ ᠭᠠᠮᠰᠢᠭ ᠤᠨ ᠳᠠᠯᠳᠠ ᠬᠡᠮ ᠢ ᠲᠤᠪᠴᠢ ᠦᠨᠡᠯᠡᠨ ᠵᠢᠱᠢᠬᠦ ᠠᠵᠢᠯ ᠢ ᠪᠣᠳᠠᠲᠠᠶᠢᠵᠢᠭᠤᠯᠬᠤ︔ ᠭᠠᠵᠠᠷ ᠤᠨ ᠭᠠᠢ ᠭᠠᠮᠰᠢᠭ ᠤᠨ ᠳᠠᠯᠳᠠ ᠬᠡᠮ ᠤᠨ ᠴᠡᠭ ᠢ ᠣᠯᠠᠨ ᠢᠶᠠᠷ ᠢᠶᠠᠨ ᠬᠡᠮᠵᠢᠵᠦ ᠣᠯᠠᠨ ᠢᠶᠠᠷ ᠢᠶᠠᠨ ᠰᠡᠷᠭᠡᠶᠢᠯᠡᠭᠴᠢ ᠲᠠᠢ ᠬᠠᠷᠢᠯᠴᠠᠬᠤ ᠶᠢ ᠪᠤᠳᠠᠲᠠᠶᠢᠵᠢᠭᠤᠯᠬᠤ︔ ᠭᠠᠵᠠᠷ ᠤᠨ ᠭᠠᠢ ᠭᠠᠮᠰᠢᠭ ᠤᠨ ᠳᠠᠯᠳᠠ ᠬᠡᠮ ᠤᠨ ᠴᠡᠭ ᠢ ᠲᠣᠭᠤᠷᠢᠨ ᠪᠠᠶᠢᠴᠠᠭᠠᠬᠤ ᠠᠵᠢᠯ ᠢ  ᠪᠤᠳᠠᠲᠠᠶᠢᠵᠢᠭᠤᠯᠬᠤ ᠤᠬᠠᠭᠤᠯᠭ᠎ᠠ ᠶᠠᠷᠢᠶ᠎ᠠ ᠬᠡᠯᠡᠯᠴᠡᠭᠡ ᠶᠢ ᠪᠣᠳᠠᠲᠠᠶᠢᠵᠢᠭᠤᠯᠬᠤ︔ ᠭᠠᠮᠰᠢᠭ  ᠤᠨ ᠪᠠᠶᠢᠳᠠᠯ ᠠᠶᠤᠯ ᠤᠨ ᠪᠠᠶᠢᠳᠠᠯ ᠤᠨ ᠪᠡᠯᠡᠳᠬᠡᠯ ᠲᠥᠰᠥᠯ ᠪᠣᠯᠣᠨ ᠬᠦᠮᠦᠰ ᠢ  ᠪᠤᠳᠠᠳᠠᠶᠢᠵᠢᠭᠤᠯᠬᠤ︶ ᠪᠠᠷᠢᠮᠵᠢᠶ᠎ᠠ  ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠤᠨ᠎ᠠ᠃ ᠡᠯ᠎ᠡ ᠭᠠᠵᠠᠷ ᠤᠨ ᠭᠠᠢ ᠭᠠᠮᠰᠢᠭ ᠤᠨ ᠪᠠᠴᠢᠮ ᠪᠠᠶᠢᠳᠠᠯ ᠢ ᠠᠷᠭᠠᠴᠠᠬᠤ ᠰᠢᠰᠲ᠋ᠧᠮᠵᠢ ᠢᠯᠠᠩᠭᠤᠶ᠎ᠠ ᠪᠠᠴᠢᠮ ᠪᠠᠶᠢᠳᠠᠯ ᠢ ᠠᠷᠭᠠᠴᠠᠬᠤ ᠡᠩᠨᠡᠭᠡ᠂ ᠪᠠᠴᠢᠮ ᠪᠠᠶᠢᠳᠠᠯ ᠢ ᠠᠷᠭᠠᠴᠠᠬᠤ ᠲᠥᠬᠦᠭᠡᠷᠦᠮᠵᠢ ᠵᠡᠷᠭᠡ ᠵᠥᠭᠡᠯᠡᠨ ᠬᠠᠲᠠᠭᠤ ᠲᠣᠨᠤᠭ ᠤᠨ ᠪᠠᠶᠢᠭᠤᠯᠤᠯᠲᠠ ᠶᠢ ᠪᠥᠬᠦ ᠲᠠᠯ᠎ᠠ ᠪᠠᠷ ᠴᠢᠩᠭᠠᠳᠬᠠᠵᠤ᠂ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠴᠢᠳᠠᠪᠤᠷᠢ ᠶᠢ ᠦᠨᠡᠨᠬᠦ  ᠳᠡᠭᠡᠭᠰᠢᠯᠡᠭᠦᠯᠭᠦ ᠬᠡᠷᠡᠭᠲᠡᠢ᠃      ︵ᠭᠤᠷᠪᠠ︶ ᠦᠶᠡᠷ ᠤᠨ ᠬᠤᠭᠤᠴᠠᠭᠠᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠠᠵᠢᠯ ᠢ ᠴᠢᠩᠭᠠᠳᠬᠠᠨ᠎ᠠ᠃ ᠦᠶᠡᠷ ᠠᠴᠠ ᠡᠮᠦᠨ᠎ᠡ ᠵᠢᠭᠰᠠᠭᠠᠨ ᠪᠠᠶᠢᠴᠠᠭᠠᠬᠤ᠂ ᠦᠶᠡᠷ ᠤᠨ ᠳᠤᠮᠳᠠ ᠲᠣᠭᠤᠷᠢᠨ ᠪᠠᠶᠢᠴᠠᠭᠠᠬᠤ ᠂ ᠦᠶᠡᠷ ᠤᠨ ᠲᠠᠷᠠᠭ᠎ᠠ ᠳᠠᠪᠲᠠᠨ ᠪᠠᠶᠢᠴᠠᠭᠠᠬᠤ᠂ ᠭᠠᠮᠰᠢᠭ ᠤᠨ ᠪᠠᠶᠢᠳᠠᠯ ᠢ ᠲᠦᠷᠭᠡᠨ ᠮᠡᠳᠡᠭᠦᠯᠬᠦ᠂ ᠦᠶᠡᠷ ᠤᠨ ᠬᠤᠭᠤᠴᠠᠭᠠᠨ ᠳᠤ ᠵᠢᠵᠢᠭᠦᠷᠯᠡᠬᠦ ᠵᠡᠷᠭᠡ ᠳᠦᠷᠢᠮ ᠢ ᠴᠢᠩᠭ᠎ᠠ ᠬᠡᠷᠡᠭᠵᠢᠭᠦᠯᠵᠦ᠂ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠡᠯ᠎ᠡ ᠵᠦᠢᠯ ᠤᠨ ᠠᠵᠢᠯ ᠢ ᠰᠠᠶᠢᠲᠤᠷ ᠬᠢᠵᠦ᠂ ᠠᠷᠠᠳ ᠲᠦᠮᠡᠨ ᠤ ᠠᠮᠢ ᠨᠠᠰᠤ ᠪᠠ ᠡᠳ᠋ ᠬᠥᠷᠥᠩᠭᠡ ᠶᠢᠨ ᠠᠮᠤᠷ ᠲᠦᠪᠰᠢᠨ ᠢ ᠦᠨᠡᠨ ᠬᠦ ᠪᠠᠲᠤᠯᠠᠨ᠎ᠠ᠃ ᠠᠮᠠᠷᠬᠠᠨ ᠡᠭᠦᠰᠬᠦ ᠣᠷᠣᠨ ᠳᠤ ᠳᠡᠯᠪᠡᠴᠢᠬᠦ᠂ ᠪᠡᠯ ᠭᠠᠨᠵᠠᠷ ᠢ ᠵᠣᠷᠭᠤᠬᠤ᠂ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠬᠢᠬᠦ ᠵᠢᠴᠢ ᠭᠠᠵᠠᠷ ᠤᠨ ᠭᠠᠢ ᠭᠠᠮᠰᠢᠭ ᠡᠭᠦᠰᠬᠡᠵᠦ ᠮᠡᠳᠡᠬᠦ ᠪᠤᠰᠤᠳ ᠠᠵᠢᠯᠯᠠᠭ᠎ᠠ ᠬᠢᠬᠦ ᠶᠢ ᠴᠠᠭᠠᠵᠠᠯᠠᠵᠤ᠂ ᠵᠣᠷᠢᠭᠤᠳᠠ ᠭᠠᠵᠠᠷ ᠤᠨ ᠭᠠᠢ ᠭᠠᠮᠰᠢᠭ ᠡᠭᠦᠰᠬᠡᠬᠦ ᠶᠢ ᠡᠷᠡᠰ ᠬᠤᠷᠢᠭᠯᠠᠬᠤ ᠬᠡᠷᠡᠭᠲᠡᠢ᠃       ︵ᠳᠥᠷᠪᠡ︶  ᠬᠤᠷ᠎ᠠ ᠲᠤᠳᠠᠰᠤᠨ ᠤ ᠬᠡᠮᠵᠢᠶ᠎ᠡ᠂ ᠦᠶᠡᠷ ᠤᠨ ᠬᠤᠭᠤᠴᠠᠭᠠᠨ  ᠤ ᠦᠶᠡᠷ  ᠤᠨ ᠤᠰᠤ ᠶᠢ ᠬᠢᠨᠠᠨ ᠬᠡᠮᠵᠢᠬᠦ ᠠᠵᠢᠯ  ᠢ ᠰᠠᠶᠢᠲᠤᠷ ᠬᠢᠬᠦ ᠬᠡᠷᠡᠭᠲᠡᠢ᠃ ᠬᠤᠷ᠎ᠠ ᠲᠤᠳᠠᠰᠤᠨ ᠤ ᠲᠡᠰ ᠨᠢ ᠳᠤᠮᠳᠠ ᠪᠣᠷᠣᠭᠠᠨ ᠤ ᠬᠡᠮᠵᠢᠶ᠎ᠡ ᠠᠴᠠ ᠳᠡᠭᠡᠭᠰᠢ ᠪᠣᠯᠤᠭᠰᠠᠨ ᠪᠤᠶᠤ ᠦᠶᠡᠷ  ᠤᠨ ᠤᠰᠤ ᠨᠡᠯᠢᠶᠡᠳ ᠶᠡᠭᠡ ᠤᠷᠤᠰᠬᠠᠯ ᠤᠨ ᠬᠡᠮᠵᠢᠶ᠎ᠡ ᠲᠠᠢ ᠪᠣᠯᠤᠭᠰᠠᠨ ᠦᠶ᠎ᠡ ᠳᠤ᠂ ᠨᠤᠷᠠᠬᠤ ᠠᠶᠤᠯᠲᠠᠢ ᠭᠠᠵᠠᠷ ᠬᠢᠭᠡᠳ ᠭᠠᠵᠠᠷ ᠳᠣᠣᠷᠠᠬᠢ ᠮᠠᠯᠲᠠᠵᠤ ᠬᠥᠨᠳᠡᠶᠢᠷᠡᠭᠦᠯᠦᠭᠰᠡᠨ ᠣᠷᠣᠨ ᠢ ᠴᠠᠭ ᠲᠤᠬᠠᠢ ᠲᠤᠨᠢ ᠠᠵᠢᠭᠯᠠᠨ ᠬᠡᠮᠵᠢᠬᠦ ᠬᠡᠷᠡᠭᠲᠡᠢ᠂ ᠬᠡᠷᠪᠡ ᠰᠢᠷᠣᠢ ᠶᠢᠨ ᠠᠩ ᠴᠠᠪᠠ ᠶᠡᠬᠡᠰᠴᠦ᠂ ᠨᠠᠯᠠᠤ ᠭᠠᠳᠠᠷᠭᠤ ᠨᠢ ᠳᠦᠷᠰᠦ ᠬᠤᠪᠢᠷᠠᠭᠰᠠᠨ᠂ ᠭᠠᠵᠠᠷ ᠳᠣᠣᠷᠠᠬᠢ ᠮᠠᠯᠲᠠᠵᠤ ᠬᠥᠨᠳᠡᠶᠢᠷᠡᠭᠦᠯᠦᠭᠰᠡᠨ ᠣᠷᠣᠨ ᠬᠢᠭᠡᠳ ᠡᠷᠬᠢᠨ ᠲᠣᠭᠤᠷᠢᠨ ᠤ ᠭᠠᠵᠠᠷ ᠤᠨ ᠣᠷᠣᠨ ᠳᠤ ᠠᠩ ᠴᠠᠪᠠ ᠭᠠᠷᠤᠭᠰᠠᠨ᠂ ᠭᠠᠵᠠᠷ ᠤᠨ ᠰᠢᠯᠵᠢᠯᠲᠡ ᠭᠠᠷᠤᠭᠰᠠᠨ ᠢ ᠣᠯᠵᠤ ᠮᠡᠳᠡᠪᠡᠯ᠂ ᠬᠠᠮᠢᠶ᠎ᠠ ᠪᠦᠬᠦᠢ ᠬᠠᠷᠢᠭᠤᠴᠠᠯᠭᠠᠲᠠᠨ ᠳᠤ ᠳᠠᠷᠤᠶᠢᠬᠠᠨ ᠮᠡᠳᠡᠭᠦᠯᠬᠦ ᠶᠢᠨ ᠬᠠᠮᠲᠤ ᠭᠠᠮᠰᠢᠭ ᠢ ᠰᠡᠷᠭᠡᠶᠢᠯᠡᠬᠦ ᠪᠡᠯᠡᠳᠬᠡᠯ ᠲᠥᠰᠥᠯ ᠤᠨ ᠶᠣᠰᠣᠭᠠᠷ ᠭᠠᠮᠰᠢᠭ ᠢ ᠰᠡᠷᠭᠡᠶᠢᠯᠡᠵᠦ ᠰᠢᠯᠵᠢᠭᠦᠯᠦᠨ ᠵᠠᠶᠢᠯᠠᠭᠤᠯᠬᠤ ᠪᠡᠯᠡᠳᠬᠡᠯ ᠢ ᠰᠠᠶᠢᠲᠤᠷ ᠬᠢᠬᠦ ᠬᠡᠷᠡᠭᠲᠡᠢ᠃ ᠨᠤᠷᠠᠬᠤ ᠠᠶᠤᠯᠲᠠᠢ ᠳᠠᠯᠳᠠ ᠬᠡᠮ ᠤᠨ ᠴᠡᠭ ᠲᠤ᠂ ᠬᠤᠷ᠎ᠠ ᠲᠤᠳᠠᠰᠤᠨ ᠤ ᠬᠡᠮᠵᠢᠶ᠎ᠡ᠂ ᠦᠶᠡᠷ ᠤᠨ ᠤᠰᠤ ᠶᠢ ᠬᠢᠨᠠᠨ ᠬᠡᠮᠵᠢᠬᠦ ᠠᠴᠠ ᠭᠠᠳᠠᠨ᠎ᠠ᠂ ᠪᠠᠰᠠ ᠰᠢᠷᠣᠢ ᠶᠢᠨ ᠪᠠᠶᠢᠷᠢ ᠰᠢᠯᠵᠢᠬᠦ᠂ ᠠᠩ ᠴᠠᠪᠠ ᠭᠠᠷᠬᠤ᠂ ᠨᠠᠯᠠᠤ ᠭᠠᠳᠠᠷᠭᠤ ᠶᠢᠨ ᠬᠡᠯᠪᠡᠷᠢ ᠬᠤᠪᠢᠷᠠᠬᠤ ᠶᠢ ᠲᠣᠭᠲᠠᠮᠠᠯ ᠬᠤᠭᠤᠴᠠᠭ᠎ᠠ ᠲᠠᠢ ᠪᠠᠷ ᠬᠢᠨᠠᠨ ᠬᠡᠮᠵᠢᠬᠦ ᠬᠡᠷᠡᠭᠲᠡᠢ︔ ᠬᠡᠷᠪᠡ ᠬᠡᠪ ᠤᠨ ᠪᠤᠰᠤ ᠪᠠᠶᠢᠳᠠᠯ ᠭᠠᠷᠪᠠᠯ ᠲᠡᠷᠡ ᠳᠠᠷᠤᠢ ᠳᠤᠨᠢ ᠬᠠᠷᠢᠭᠤᠴᠠᠯᠭᠠᠲᠠᠨ ᠳᠤ ᠮᠡᠳᠡᠭᠦᠯᠵᠦ᠂ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠬᠡᠷᠡᠭᠲᠡᠢ᠃      ᠲᠠᠪᠤ᠂ ᠪᠠᠲᠤᠯᠠᠭ᠎ᠠ ᠶᠢᠨ ᠠᠷᠭ᠎ᠠ ᠬᠡᠮᠵᠢᠶ᠎ᠡ      ︵ᠨᠢᠭᠡ︶ ᠤᠳᠤᠷᠢᠳᠤᠯᠭ᠎ᠠ ᠪᠠᠨ ᠴᠢᠩᠭᠠᠳᠬᠠᠵᠤ᠂ ᠬᠠᠷᠢᠭᠤᠴᠠᠯᠭ᠎ᠠ ᠪᠠᠨ ᠲᠤᠳᠤᠷᠬᠠᠶᠢᠯᠠᠨ᠎ᠠ᠃ ᠬᠤᠰᠢᠭᠤᠨ  ᠤ ᠵᠠᠰᠠᠭ ᠤᠨ ᠣᠷᠳᠣᠨ ᠨᠠᠢᠮᠠᠨ ᠬᠤᠰᠢᠭᠤᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ ᠪᠠᠶᠢᠭᠤᠯᠵᠤ᠂ ᠬᠤᠰᠢᠭᠤᠨ ᠤ ᠵᠠᠰᠠᠭ ᠤᠨ ᠣᠷᠳᠣᠨ ᠤ ᠬᠤᠪᠢᠳᠠᠨ ᠬᠠᠮᠢᠶᠠᠷᠴᠤ ᠪᠠᠶᠢᠭ᠎ᠠ ᠳᠡᠳ᠋ ᠬᠤᠰᠢᠭᠤᠨ ᠳᠠᠷᠤᠭ᠎ᠠ ᠳᠤᠭᠤᠶᠢᠯᠠᠩ ᠤᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ᠂ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ᠂ ᠤᠰᠤᠨ ᠤ ᠶᠠᠪᠤᠳᠠᠯ ᠤᠨ ᠲᠣᠪᠴᠢᠶ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠴᠠᠭ ᠠᠭᠤᠷ ᠤᠨ ᠲᠣᠪᠴᠢᠶ᠎ᠠ᠂ ᠠᠮᠢ ᠠᠬᠤᠢ ᠶᠢᠨ ᠣᠷᠴᠢᠨ ᠲᠣᠭᠤᠷᠢᠨ ᠤ ᠲᠣᠪᠴᠢᠶ᠎ᠠ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠢᠶᠠᠷ ᠪᠦᠷᠢᠯᠳᠦᠨ᠎ᠡ᠃ ᠬᠤᠪᠢᠳᠠᠨ ᠬᠠᠮᠢᠶᠠᠷᠴᠤ ᠪᠦᠬᠦᠢ ᠤᠳᠤᠷᠢᠳᠤᠯᠭ᠎ᠠ ᠬᠠᠷᠢᠭᠤᠴᠠᠬᠤ ᠳᠦᠷᠢᠮ ᠪᠣᠯᠣᠨ ᠭᠤᠣᠯᠳᠠᠯᠭ᠎ᠠ ᠲᠠᠢ ᠭᠠᠵᠠᠷ ᠤᠨ ᠭᠠᠮᠰᠢᠭ ᠢ ᠲᠤᠰᠬᠠᠢ ᠬᠥᠮᠥᠨ ᠬᠠᠷᠢᠭᠤᠴᠠᠬᠤ ᠳᠦᠷᠢᠮ ᠢ ᠪᠠᠶᠢᠭᠤᠯᠵᠤ᠂ ᠬᠠᠷᠢᠭᠤᠴᠠᠯᠭ᠎ᠠ ᠶᠢᠨ ᠪᠢᠴᠢᠭ ᠲᠤ ᠱᠠᠲᠤ ᠱᠠᠲᠤ ᠪᠠᠷ ᠭᠠᠷ ᠤᠨ ᠥᠰᠥᠭ ᠵᠢᠷᠤᠬᠤ ᠬᠡᠷᠡᠭᠲᠡᠢ᠃ ᠡᠯ᠎ᠡ ᠬᠠᠮᠢᠶ᠎ᠠ ᠪᠦᠬᠦᠢ ᠨᠢᠭᠡᠴᠢ ᠶᠢᠨ ᠬᠠᠷᠢᠭᠤᠴᠠᠯᠭᠠᠲᠠᠨ ᠭᠠᠵᠠᠷ ᠤᠨ ᠭᠠᠮᠰᠢᠭ ᠢ ᠬᠢᠨᠠᠨ ᠬᠡᠮᠵᠢᠵᠦ ᠤᠷᠢᠳᠴᠢᠯᠠᠨ ᠰᠡᠷᠭᠡᠶᠢᠯᠡᠬᠦ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠢᠳᠡᠪᠬᠢᠲᠡᠢ ᠣᠷᠣᠯᠴᠠᠨ ᠵᠢᠯᠤᠭᠤᠳᠬᠤ ᠶᠢᠨ ᠬᠠᠮᠲᠤ ᠠᠵᠢᠯᠲᠠᠨ᠂ ᠪᠡᠯᠡ ᠮᠥᠩᠭᠦ᠂ ᠲᠥᠬᠦᠭᠡᠷᠦᠮᠵᠢ ᠵᠡᠷᠭᠡ ᠲᠠᠯ᠎ᠠ ᠪᠠᠷ ᠶᠡᠬᠡᠪᠡᠷ ᠲᠡᠮᠵᠢᠵᠤ᠂ ᠭᠠᠮᠰᠢᠭ ᠢ ᠰᠡᠷᠭᠡᠶᠢᠯᠡᠬᠦ ᠠᠵᠢᠯ ᠳᠤ ᠴᠢᠬᠤᠯᠠ ᠪᠦᠬᠦᠢ ᠨᠥᠬᠦᠴᠡᠯ ᠡᠭᠦᠳᠴᠦ ᠦᠭᠭᠦᠨ᠎ᠡ᠃      ︵ᠬᠤᠶᠠᠷ︶ ᠡᠯ᠎ᠡ ᠵᠦᠢᠯ ᠤᠨ ᠳᠦᠷᠢᠮ ᠢ ᠲᠡᠭᠦᠯᠳᠡᠷᠵᠢᠭᠦᠯᠵᠦ᠂ ᠪᠠᠴᠢᠮ ᠪᠠᠶᠢᠳᠠᠯ ᠢ ᠠᠷᠭᠠᠴᠠᠬᠤ ᠴᠢᠳᠠᠪᠤᠷᠢ ᠪᠠᠨ ᠨᠡᠮᠡᠭᠳᠡᠭᠦᠯᠦᠨ᠎ᠡ᠃ ᠨᠢᠭᠡ ᠳᠤ᠂ ᠠᠮᠠᠷᠬᠠᠨ ᠡᠭᠦᠰᠬᠦ ᠣᠷᠣᠨ ᠤ ᠰᠤᠮᠤ ᠰᠢᠶᠠᠩ ᠪᠠᠯᠭᠠᠰᠤ ᠵᠢᠴᠢ ᠬᠤᠯᠪᠣᠭᠳᠠᠬᠤ ᠭᠤᠣᠯᠳᠠᠯᠭ᠎ᠠ ᠲᠠᠢ ᠣᠷᠣᠨ ᠪᠦᠰᠡ ᠶᠢᠨ ᠲᠣᠰᠬᠤᠨ ᠤ ᠠᠷᠠᠳ ᠤᠨ ᠵᠥᠪᠯᠡᠯ ᠨᠢ ᠵᠣᠬᠢᠬᠤ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠪᠠᠶᠢᠭᠤᠯᠵᠤ᠂ ᠦᠨᠡᠨᠬᠦ ᠶᠠᠪᠤᠭᠳᠠᠭᠤᠰᠢᠲᠠᠢ ᠭᠠᠮᠰᠢᠭ ᠢ ᠰᠡᠷᠭᠡᠶᠢᠯᠡᠬᠦ ᠬᠠᠷᠢᠭᠤᠴᠠᠯᠭ᠎ᠠ ᠶᠢᠨ ᠳᠦᠷᠢᠮ ᠢ ᠲᠣᠭᠲᠠᠭᠠᠨ᠂ ᠪᠣᠳᠠᠲᠠᠢ ᠬᠠᠷᠢᠭᠤᠴᠠᠯᠭᠠᠲᠠᠨ ᠢ ᠲᠣᠳᠣᠷᠬᠠᠶᠢᠯᠠᠵᠤ᠂ ᠬᠤᠰᠢᠭᠤ ᠰᠢᠶᠠᠩ ᠲᠣᠰᠬᠤᠨ ᠭᠤᠷᠪᠠᠨ ᠱᠠᠲᠤᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠰᠢᠰᠲ᠋ᠧᠮᠵᠢ ᠶᠢ ᠪᠣᠶ ᠪᠤᠯᠭᠠᠨ᠎ᠠ᠃ ︵ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠪᠠ ᠬᠠᠷᠢᠭᠤᠴᠠᠯᠭ᠎ᠠ ᠶᠢᠨ ᠳᠦᠷᠢᠮ ᠢ ᠪᠢᠴᠢᠭ ᠤᠨ ᠬᠡᠯᠪᠡᠷᠢ ᠪᠠᠷ 2023 ᠣᠨ ᠤ 6 ᠰᠠᠷ᠎ᠠ ᠶᠢᠨ 10 ᠤ ᠡᠳᠦᠷ ᠠᠴᠠ ᠡᠮᠦᠨ᠎ᠡ ᠨᠠᠢᠮᠠᠨ ᠬᠤᠰᠢᠭᠤᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠤᠳᠤᠷᠢᠳᠬᠤ ᠳᠤᠭᠤᠶᠢᠯᠠᠩ ᠤᠨ ᠠᠯᠪᠠᠨ ᠭᠡᠷ ᠲᠤ ᠮᠡᠳᠡᠭᠦᠯᠦᠨ᠎ᠡ︶᠃ ᠬᠤᠶᠠᠷ ᠲᠤ ᠭᠠᠵᠠᠷ  ᠤᠨ ᠭᠠᠢ ᠭᠠᠮᠰᠢᠭ ᠢ ᠲᠦᠷᠭᠡᠨ ᠮᠡᠳᠡᠭᠦᠯᠬᠦ᠂ ᠤᠷᠢᠳᠴᠢᠯᠠᠨ ᠮᠡᠳᠡᠭᠡᠯᠡᠬᠦ ᠳᠦᠷᠢᠮ ᠢ ᠪᠠᠶᠢᠭᠤᠯᠤᠨ᠎ᠠ᠃ ᠤᠷᠢᠳᠴᠢᠯᠠᠨ ᠮᠡᠳᠡᠭᠡᠯᠡᠬᠦ ᠶᠢ ᠤᠷᠲᠤ ᠬᠤᠭᠤᠴᠠᠭ᠎ᠠ᠂ ᠳᠤᠮᠳᠠ ᠬᠤᠭᠤᠴᠠᠭ᠎ᠠ᠂ ᠣᠬᠤᠷ ᠬᠤᠭᠤᠴᠠᠭ᠎ᠠ ᠭᠡᠵᠦ ᠭᠤᠷᠪᠠᠨ ᠵᠦᠢᠯ ᠳᠤ ᠬᠤᠪᠢᠶᠠᠨ᠎ᠠ᠂ ᠤᠷᠢᠳᠴᠢᠯᠠᠨ ᠮᠡᠳᠡᠭᠡᠯᠡᠬᠦ ᠠᠭᠤᠯᠭ᠎ᠠ ᠳᠤ᠄ ᠡᠭᠦᠰᠦᠭᠰᠡᠨ ᠴᠠᠭ᠂ ᠡᠭᠦᠰᠦᠭᠰᠡᠨ ᠭᠠᠵᠠᠷ᠂ ᠭᠠᠮᠰᠢᠭᠳᠠᠭᠰᠠᠨ ᠬᠡᠪᠴᠢᠶ᠎ᠡ᠂ ᠨᠥᠯᠥᠭᠡᠯᠡᠬᠦ ᠬᠦᠴᠦᠯᠡᠴᠡ ᠶᠢ ᠪᠠᠭᠲᠠᠭᠠᠨ᠎ᠠ᠃ ᠣᠨᠴᠠ ᠲᠣᠮᠣ ᠬᠡᠯᠪᠡᠷᠢ ᠶᠢᠨ᠂ ᠲᠣᠮᠣ ᠬᠡᠯᠪᠡᠷᠢ ᠶᠢᠨ ᠭᠠᠵᠠᠷ ᠤᠨ ᠭᠠᠢ ᠭᠠᠮᠰᠢᠭ ᠢ 4 ᠴᠠᠭ ᠤᠨ ᠳᠣᠲᠣᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠠ ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠲᠤ ᠲᠦᠷᠭᠡᠨ ᠮᠡᠳᠡᠭᠦᠯᠬᠦ ᠶᠢᠨ ᠬᠠᠮᠲᠤ ᠥᠪᠡᠷᠲᠡᠭᠡᠨ ᠵᠠᠰᠠᠬᠤ ᠣᠷᠣᠨ ᠤ ᠪᠠᠶᠢᠭᠠᠯᠢ ᠶᠢᠨ ᠡᠬᠢ ᠪᠠᠶᠠᠯᠢᠭ ᠤᠨ ᠲᠢᠩᠬᠢᠮ᠂ ᠥᠪᠡᠷᠲᠡᠭᠡᠨ ᠵᠠᠰᠠᠬᠤ ᠣᠷᠣᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠪᠠᠴᠢᠮ ᠪᠠᠶᠢᠳᠠᠯ ᠢ ᠠᠷᠭᠠᠴᠠᠬᠤ ᠲᠥᠪ ᠪᠠ ᠪᠠᠶᠢᠭᠠᠯᠢ ᠶᠢᠨ ᠡᠬᠢ ᠪᠠᠶᠠᠯᠢᠭ ᠤᠨ ᠶᠠᠮᠤᠨ ᠳᠤ ᠰᠢᠭᠤᠳ ᠲᠦᠷᠭᠡᠨ ᠮᠡᠳᠡᠭᠦᠯᠵᠦ ᠪᠣᠯᠣᠨ᠎ᠠ︔ ᠳᠤᠮᠳᠠ᠂ ᠪᠠᠭ᠎ᠠ ᠬᠡᠯᠪᠡᠷᠢ ᠶᠢᠨ ᠭᠠᠵᠠᠷ ᠤᠨ ᠭᠠᠢ ᠭᠠᠮᠰᠢᠭ ᠤᠨ ᠮᠡᠳᠡᠭᠦᠯᠦᠯᠲᠡ ᠶᠢ 12 ᠴᠠᠭ ᠤᠨ ᠳᠣᠲᠣᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠪᠠ ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠲᠤ ᠲᠦᠷᠭᠡᠨ ᠮᠡᠳᠡᠭᠦᠯᠬᠦ ᠬᠡᠷᠡᠭᠲᠡᠢ᠃      ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠬᠠᠷᠢᠯᠴᠠᠬᠤ ᠤᠲᠠᠰᠤ᠄ 0475 ︱ 4212541︔      ᠬᠤᠰᠢᠭᠤᠨ ᠪᠠᠶᠢᠭᠠᠯᠢ ᠶᠢᠨ ᠡᠬᠢ ᠪᠠᠶᠠᠯᠢᠭ ᠤᠨ ᠭᠤᠣᠯ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠬᠠᠷᠢᠯᠴᠠᠬᠤ ᠤᠲᠠᠰᠤ᠄ 0475 ︱ 4219840︔      ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠡᠷᠭᠢᠯᠡᠨ ᠬᠠᠮᠢᠶᠠᠷᠬᠤ ᠰᠠᠯᠠᠭ᠎ᠠ ᠮᠥᠴᠢᠷ ᠤᠨ ᠬᠠᠷᠢᠯᠴᠠᠬᠤ ᠤᠲᠠᠰᠤ᠄ 0475 ︱ 8839963᠃      ᠡᠯ᠎ᠡ ᠭᠠᠵᠠᠷ ᠣᠷᠣᠨ ᠪᠠᠶᠢᠳᠠᠯ ᠢᠶᠠᠨ ᠣᠨᠣᠪᠴᠢᠲᠠᠶ ᠪᠠᠶᠢᠯᠭᠠᠵᠤ᠂ ᠴᠠᠭ ᠲᠤᠬᠠᠢ ᠳᠤᠨᠢ ᠳᠡᠭᠡᠭᠰᠢ ᠮᠡᠳᠡᠭᠦᠯᠬᠦ ᠬᠡᠷᠡᠭᠲᠡᠢ᠃ ᠭᠠᠵᠠᠷ ᠤᠨ ᠭᠠᠢ ᠭᠠᠮᠰᠢᠭ ᠤᠨ ᠤᠷᠢᠲᠠᠯ ᠰᠢᠨᠵᠢ ᠲᠡᠮᠳᠡᠭ ᠢᠯᠡᠷᠡᠵᠦ᠂ ᠬᠥᠮᠥᠨ ᠬᠠᠷ᠎ᠠ ᠦᠬᠦᠵᠦ ᠰᠢᠷᠬᠠᠲᠤᠬᠤ ᠪᠤᠶᠤ ᠡᠳ᠋ ᠬᠥᠷᠥᠩᠭᠡ ᠶᠢᠨ ᠬᠦᠨᠳᠦ ᠶᠡᠭᠡ ᠬᠤᠬᠢᠷᠠᠯ ᠤᠴᠠᠷᠠᠭᠤᠯᠵᠤ ᠮᠡᠳᠡᠬᠦ ᠭᠠᠵᠠᠷ ᠣᠷᠣᠨ ᠪᠠ ᠭᠠᠵᠠᠷ ᠤᠨ ᠬᠡᠰᠡᠭ ᠲᠤ᠂ ᠢᠯᠡᠷᠬᠡᠢ ᠰᠡᠷᠡᠮᠵᠢ ᠶᠢᠨ ᠲᠡᠮᠳᠡᠭ ᠲᠠᠯᠪᠢᠬᠤ ᠬᠡᠷᠡᠭᠲᠡᠢ︔ ᠭᠠᠵᠠᠷ ᠤᠨ ᠭᠠᠢ ᠭᠠᠮᠰᠢᠭ ᠤᠨ ᠭᠤᠣᠯᠳᠠᠯᠭ᠎ᠠ ᠲᠠᠢ ᠣᠷᠣᠨ ᠳᠤ ᠦᠷᠭᠦᠯᠵᠢ ᠲᠣᠭᠤᠷᠢᠨ ᠪᠠᠶᠢᠴᠠᠭᠠᠯᠲᠠ ᠬᠢᠬᠦ ᠶᠢᠨ ᠬᠠᠮᠲᠤ ᠤᠯᠠᠨ ᠲᠦᠮᠡᠨ ᠢ ᠲᠠᠶᠢᠴᠢᠯᠠᠨ ᠤᠯᠠᠨ ᠢᠶᠠᠷ ᠢᠶᠠᠨ ᠬᠡᠮᠵᠢᠵᠦ ᠤᠯᠠᠨ ᠢᠶᠠᠷ ᠢᠶᠠᠨ ᠰᠡᠷᠭᠡᠶᠢᠯᠡᠬᠦ ᠠᠵᠢᠯ ᠢ ᠰᠠᠶᠢᠲᠤᠷ ᠬᠢᠨ᠎ᠡ᠃ ᠢᠯᠡᠷᠡᠭᠦᠯᠦᠭᠰᠡᠨ ᠠᠶᠤᠯᠲᠠᠢ ᠭᠠᠵᠠᠷ ᠪᠠ ᠣᠯᠠᠨ ᠲᠦᠮᠡᠨ ᠤ ᠬᠠᠩᠭᠠᠭᠰᠠᠨ ᠠᠶᠤᠯᠲᠠᠢ ᠪᠠᠶᠢᠳᠠᠯ ᠤᠨ ᠰᠦᠪᠡᠭᠴᠢ ᠳᠤ ᠳᠠᠷᠤᠢ ᠲᠦᠷᠭᠡᠨ ᠠᠶᠤᠯᠲᠠᠢ ᠴᠢᠨᠠᠷ᠂ ᠬᠥᠨᠥᠭᠡᠯᠳᠦ ᠴᠢᠨᠠᠷ ᠤᠨ ᠮᠠᠭᠠᠳᠯᠠᠯᠲᠠ ᠬᠢᠵᠦ᠂ ᠴᠢᠬᠤᠯᠠ ᠪᠦᠬᠦᠢ ᠪᠠᠴᠢᠮ ᠪᠠᠶᠢᠳᠠᠯ ᠢ ᠠᠷᠭᠠᠴᠠᠬᠤ ᠠᠷᠭ᠎ᠠ ᠬᠡᠮᠵᠢᠶ᠎ᠡ ᠠᠪᠬᠤ ᠶᠢᠨ ᠬᠠᠮᠲᠤ ᠴᠠᠭ ᠲᠤᠬᠠᠢ ᠳᠤᠨᠢ ᠬᠤᠰᠢᠭᠤᠨ ᠤ ᠭᠠᠵᠠᠷ ᠤᠨ ᠭᠠᠢ ᠭᠠᠮᠰᠢᠭ ᠢ ᠰᠡᠷᠭᠡᠶᠢᠯᠡᠨ ᠵᠠᠰᠠᠬᠤ ᠤᠳᠤᠷᠢᠳᠬᠤ ᠳᠤᠭᠤᠶᠢᠯᠠᠩ ᠤᠨ ᠠᠯᠪᠠᠨ ᠭᠡᠷ ᠲᠤ ᠮᠡᠳᠡᠭᠦᠯᠵᠦ᠂ ᠲᠦᠷᠭᠡᠨ ᠮᠡᠳᠡᠭᠦᠯᠬᠦ᠄ 4219840 ︵ᠡᠳᠦᠷ︶᠂ 4222739 ︵ᠰᠥᠨᠢ︶᠃ ᠭᠤᠷᠪᠠ ᠳᠤ᠂ ᠭᠠᠵᠠᠷ ᠤᠨ ᠭᠠᠢ ᠭᠠᠮᠰᠢᠭ ᠠᠮᠠᠷᠬᠠᠨ ᠡᠭᠦᠰᠬᠦ ᠣᠷᠣᠨ᠂ ᠬᠤᠯᠪᠣᠭᠳᠠᠭᠰᠠᠨ ᠰᠢᠶᠠᠩ ᠪᠠᠯᠭᠠᠰᠤ ᠪᠠ ᠠᠶᠢᠯ ᠲᠣᠰᠬᠤᠨ᠂ ᠲᠤᠰᠬᠠᠢ ᠬᠥᠮᠥᠨ ᠲᠣᠬᠢᠷᠠᠭᠤᠯᠤᠨ ᠲᠣᠭᠤᠷᠢᠨ ᠪᠠᠶᠢᠴᠠᠭᠠᠬᠤ᠂ ᠵᠢᠭᠰᠠᠭᠠᠨ ᠪᠠᠶᠢᠴᠠᠭᠠᠬᠤ ᠶᠢ ᠴᠢᠩᠭᠠᠳᠬᠠᠵᠤ᠂ ᠭᠡᠷ ᠪᠠᠶᠢᠰᠢᠩ ᠤᠨ ᠠᠷᠤ ᠥᠪᠥᠷ ᠲᠤ ᠣᠷᠣᠰᠢᠵᠤ ᠪᠠᠶᠢᠭ᠎ᠠ ᠳᠠᠯᠳᠠ ᠬᠡᠮ᠂ ᠠᠶᠤᠯᠲᠠᠢ ᠴᠡᠭ ᠢ ᠡᠷᠢᠬᠦ ᠶᠢᠨ ᠬᠠᠮᠲᠤ ᠣᠯᠠᠨ ᠲᠦᠮᠡᠨ ᠢᠶᠠᠷ ᠢᠶᠠᠨ ᠬᠡᠮᠵᠢᠵᠦ᠂ ᠣᠯᠠᠨ ᠲᠦᠮᠡᠨ ᠢᠶᠠᠷ ᠢᠶᠠᠨ ᠰᠡᠷᠭᠡᠶᠢᠯᠡᠬᠦ ᠠᠷᠭ᠎ᠠ ᠬᠡᠮᠵᠢᠶ᠎ᠡ ᠶᠢ ᠴᠢᠭᠯᠡᠭᠦᠯᠬᠦ ᠴᠢᠨᠠᠷᠲᠠᠢ ᠪᠠᠷ ᠲᠣᠬᠢᠷᠠᠭᠤᠯᠤᠨ᠂ ᠭᠠᠮᠰᠢᠭ ᠢ ᠰᠡᠷᠭᠡᠶᠢᠯᠡᠬᠦ ᠬᠠᠷᠢᠭᠤᠴᠠᠯᠭ᠎ᠠ ᠶᠢᠨ ᠳᠦᠷᠢᠮ ᠪᠠ ᠬᠢᠨᠠᠨ ᠬᠡᠮᠵᠢᠬᠦ ᠬᠠᠷᠢᠭᠤᠴᠠᠯᠭ᠎ᠠ ᠶᠢᠨ ᠬᠥᠮᠥᠨ ᠢ ᠨᠠᠶᠢᠳᠠᠪᠤᠷᠢᠵᠢᠭᠤᠯᠵᠤ᠂ ᠪᠠᠴᠢᠮ ᠪᠠᠶᠢᠳᠠᠯ ᠢ ᠠᠷᠭᠠᠴᠠᠨ ᠰᠢᠯᠵᠢᠭᠦᠯᠵᠦ ᠲᠠᠷᠬᠠᠭᠠᠬᠤ ᠡᠮᠦᠨᠡᠬᠢ ᠬᠤᠭᠤᠴᠠᠭᠠᠨ ᠤ ᠪᠡᠯᠡᠳᠬᠡᠯ ᠢ ᠰᠠᠶᠢᠲᠤᠷ ᠬᠢᠬᠦ ᠬᠡᠷᠡᠭᠲᠡᠢ᠃      ︵ᠭᠤᠷᠪᠠ︶ ᠤᠬᠠᠭᠤᠯᠭ᠎ᠠ ᠬᠥᠮᠦᠵᠢᠯ ᠢ ᠴᠢᠩᠭᠠᠳᠬᠠᠨ᠂ ᠤᠯᠠᠨ ᠲᠦᠮᠡᠨ ᠤ ᠭᠠᠮᠰᠢᠭ ᠢ ᠰᠡᠷᠭᠡᠶᠢᠯᠡᠬᠦ ᠦᠵᠡᠯ ᠤᠬᠠᠮᠰᠠᠷ ᠢ ᠳᠡᠭᠡᠭᠰᠢᠯᠡᠭᠦᠯᠦᠨ᠎ᠡ᠃ ᠭᠠᠵᠠᠷ ᠤᠨ ᠭᠠᠢ ᠭᠠᠮᠰᠢᠭ ᠮᠢᠩᠭ᠎ᠠ ᠲᠦᠮᠡᠨ ᠡᠷᠥᠭᠡ ᠳᠤ ᠬᠤᠯᠪᠣᠭᠳᠠᠵᠤ ᠂ ᠠᠮᠠᠷᠬᠠᠨ ᠡᠭᠦᠰᠬᠦ ᠣᠷᠣᠨ ᠪᠣᠯᠣᠨ ᠠᠶᠤᠯ ᠲᠠᠢ ᠣᠷᠣᠨ ᠤ ᠰᠤᠮᠤ ᠰᠢᠶᠠᠩ ᠪᠠᠯᠭᠠᠰᠤ  ︽ᠤᠯᠠᠨ ᠢᠶᠠᠷ ᠢᠶᠠᠨ ᠬᠡᠮᠵᠢᠵᠦ ᠤᠯᠠᠨ ᠢᠶᠠᠷ ᠢᠶᠠᠨ ᠰᠡᠷᠭᠡᠶᠢᠯᠡᠬᠦ︾ ᠴᠢᠭᠯᠡᠯᠲᠡ ᠶᠢ ᠪᠠᠷᠢᠮᠳᠠᠯᠠᠨ᠎ᠠ᠃ ᠭᠠᠵᠠᠷ ᠤᠨ ᠭᠠᠢ ᠭᠠᠮᠰᠢᠭ ᠢ ᠰᠡᠷᠭᠡᠶᠢᠯᠡᠬᠦ ᠦᠨᠳᠦᠰᠦᠨ ᠮᠡᠳᠡᠯᠭᠡ᠂ ᠬᠠᠤᠯᠢ ᠴᠠᠭᠠᠵᠠ ᠬᠠᠤᠯᠢ ᠲᠣᠭᠲᠠᠭᠠᠯ ᠤᠨ ᠤᠬᠠᠭᠤᠯᠭ᠎ᠠ ᠶᠢ ᠴᠢᠩᠭᠠᠳᠬᠠᠵᠤ᠂ ᠭᠠᠵᠠᠷ ᠤᠨ ᠭᠠᠢ ᠭᠠᠮᠰᠢᠭ ᠭᠡᠭᠴᠢ ᠶᠠᠭᠤ ᠪᠣᠯᠬᠤ᠂ ᠭᠠᠵᠠᠷ ᠤᠨ ᠭᠠᠢ ᠭᠠᠮᠰᠢᠭ ᠢ ᠬᠡᠷᠬᠢᠨ ᠰᠡᠷᠭᠡᠶᠢᠯᠡᠬᠦ᠂ ᠭᠠᠵᠠᠷ   ᠤᠨ ᠭᠠᠢ ᠭᠠᠮᠰᠢᠭ ᠢ ᠬᠡᠷᠬᠢᠨ ᠵᠠᠰᠠᠬᠤ ᠶᠢ ᠥᠷᠭᠡᠨ ᠤᠯᠠᠨ ᠲᠦᠮᠡᠨ ᠳᠤ ᠣᠶᠢᠯᠠᠭᠠᠭᠤᠯᠵᠤ᠂ ᠡᠭᠦᠨ ᠤ ᠤᠯᠠᠮ ᠠᠴᠠ ᠪᠦᠬᠦ ᠠᠷᠠᠳ ᠤᠨ ᠭᠠᠮᠰᠢᠭ ᠢ ᠰᠡᠷᠭᠡᠶᠢᠯᠡᠬᠦ᠂ ᠭᠠᠮᠰᠢᠭ ᠢ ᠪᠠᠭᠠᠰᠬᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ ᠡᠯ᠎ᠡ ᠲᠠᠯ᠎ᠠ ᠶᠢᠨ ᠬᠢᠨ ᠤ ᠢᠳᠡᠪᠬᠢᠵᠢᠯ ᠢ ᠲᠠᠶᠢᠴᠢᠯᠠᠨ᠂ ᠪᠦᠬᠦ ᠨᠡᠶᠢᠭᠡᠮ ᠤᠨ ᠬᠦᠴᠦᠨ ᠢ ᠥᠷᠭᠡᠨ ᠢᠶᠠᠷ ᠲᠠᠶᠢᠴᠢᠯᠠᠨ ᠵᠣᠬᠢᠶᠠᠨ ᠪᠠᠶᠢᠭᠤᠯᠵᠤ᠂ ᠠᠷᠠᠳ ᠤᠯᠠᠨ ᠤ ᠠᠮᠢ ᠨᠠᠰᠤ ᠪᠠ ᠡᠳ᠋ ᠬᠥᠷᠥᠩᠭᠡ ᠶᠢᠨ ᠠᠮᠤᠷ ᠲᠦᠪᠰᠢᠨ ᠢ ᠪᠠᠲᠤᠯᠠᠨ᠎ᠠ᠃ 

 
ᠢᠷᠡᠯᠲᠡ᠄ ᠨᠠᠢᠮᠠᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号