ᠨᠠᠢᠮᠠᠨ ᠮᠤᠩᠭᠤᠯᠴᠤᠳ ᠤᠨ ᠤᠷᠤᠭ ᠤᠨ ᠶᠤᠰᠤᠨ
ᠨᠡᠶᠢᠲᠡᠯᠡᠭᠰᠡᠨ ᠴᠠᠭ᠄
2018-05-31
    ᠨᠠᠢᠮᠠᠨ ᠮᠤᠩᠭᠤᠯᠴᠤᠳ ᠤᠨ ᠤᠷᠤᠭ ᠤᠨ ᠶᠤᠰᠤ ᠨᠢ ᠨᠡᠶᠢᠭᠡᠮ ᠤᠨ ᠬᠦᠭᠵᠢᠯᠲᠡ ᠪᠤᠯᠤᠨ ᠪᠤᠳᠠᠰ ᠤᠨ ᠬᠦᠭᠵᠢᠯᠲᠡ ᠶᠢ ᠳᠠᠭᠠᠯᠳᠤᠨ ᠬᠦᠭᠵᠢᠨ ᠬᠤᠪᠢᠷᠠᠭᠰᠠᠭᠠᠷ ᠢᠷᠡᠭᠰᠡᠨ ᠶᠤᠮ᠃ ᠨᠠᠢᠮᠠᠨ ᠮᠤᠩᠭᠤᠯᠴᠤᠳ ᠤᠨ ᠤᠷᠤᠭ  ᠤᠨ ᠶᠤᠰᠤᠨ ᠳᠤ ᠪᠡᠷᠢ ᠭᠤᠶᠤᠬᠤ᠂ ᠪᠡᠯᠡᠭ ᠲᠤᠰᠢᠶᠠᠬᠤ ᠠᠴᠠ ᠡᠬᠢᠯᠡᠭᠡᠳ ᠪᠦᠷ ᠨᠠᠷᠢᠨ ᠰᠢᠷᠢᠨ ᠶᠤᠰᠤ ᠲᠠᠢ ᠪᠠᠶᠢᠳᠠᠭ᠃ ᠡᠳᠦᠭᠡ ᠴᠠᠭ ᠦᠶ᠎ᠡ ᠶᠢᠨ ᠬᠤᠪᠢᠰᠤᠯᠲᠠ ᠶᠢ ᠳᠠᠭᠠᠯᠳᠤᠨ ᠨᠠᠢᠮᠠᠨ ᠮᠤᠩᠭᠤᠯᠴᠤᠳ ᠤᠨ ᠬᠠᠭᠤᠴᠢᠨ ᠤᠷᠤᠭ ᠤᠨ ᠶᠤᠰᠤ ᠭᠡᠭᠡᠭᠳᠡᠵᠦ᠂ ᠬᠤᠪᠢᠷᠠᠵᠤ ᠪᠠᠶᠢᠭ᠎ᠠ ᠪᠤᠯᠪᠠᠴᠦ ᠬᠦᠳᠡᠭᠡ ᠨᠤᠲᠤᠭ ᠲᠤ ᠮᠦᠨ ᠵᠤᠬᠢᠬᠤ ᠶᠤᠰᠤ ᠵᠢᠷᠦᠮ ᠢ ᠪᠠᠷᠢᠮᠲᠠᠯᠠᠭᠰᠠᠭᠠᠷ ᠪᠠᠶᠢᠭ᠎ᠠ ᠪᠢᠯᠨ᠃ ᠨᠠᠢᠮᠠᠨ ᠤ ᠮᠤᠩᠭᠤᠯ ᠠᠷᠠᠳ ᠤᠨ ᠳᠠᠭᠤᠤ ︽ᠬᠦᠷᠭᠡᠨ ᠤ ᠳᠠᠭᠤᠤ︾ ᠪᠤᠯ ᠶᠠᠭ ᠨᠠᠢᠮᠠᠨ ᠤᠷᠤᠭ ᠬᠤᠷᠢᠮ ᠤᠨ ᠶᠤᠰᠤ ᠵᠠᠩᠰᠢᠯ ᠢᠶᠠᠷ ᠰᠡᠳᠤᠪᠯᠡᠭᠰᠡᠨ ᠰᠤᠳᠤᠯᠭᠠᠨ ᠤ ᠦᠨ᠎ᠡ ᠦᠷᠲᠡᠭ ᠲᠠᠢ ᠰᠤᠨᠢᠷᠬᠠᠯᠲᠠᠢ ᠪᠦᠲᠦᠭᠡᠯ ᠪᠤᠯᠬᠤ ᠶᠤᠮ᠃ ᠳᠤᠤᠷ᠎ᠠ ᠨᠠᠢᠮᠠᠨ ᠤ ᠤᠷᠤᠭ ᠤᠨ ᠶᠤᠰᠤᠨ ᠢ ᠡᠬᠢ ᠵᠠᠬ᠎ᠠ ᠲᠠᠢ ᠲᠠᠨᠢᠯᠴᠠᠭᠤᠯᠤᠶ᠎ᠠ᠃     ᠪᠡᠷᠢ ᠭᠤᠶᠤᠬᠤ᠄     ︽ᠤᠷᠤᠭ ᠤᠨ ᠤᠷᠤᠭ ᠢᠶᠠᠷ ᠤᠷᠤᠭ ᠪᠤᠯᠵᠤ᠂ ᠤᠰᠤᠨ ᠲᠤᠭᠤᠯ ᠢᠶᠠᠷ ᠮᠠᠯ ᠲᠠᠢ ᠪᠤᠯᠳᠠᠭ︾ ᠭᠡᠳᠡᠭ ᠬᠠᠭᠤᠴᠢ ᠦᠭᠡ ᠶᠢᠨ ᠶᠤᠰᠤ ᠪᠠᠷ ᠨᠠᠢᠮᠠᠨ ᠤ ᠮᠤᠩᠭᠤᠯᠴᠤᠳ ᠦᠷ᠎ᠡ ᠬᠡᠦᠬᠡᠳ ᠲᠡᠭᠡᠨ ᠤᠶᠢᠷ᠎ᠠ ᠲᠦᠷᠦᠯ᠂ ᠤᠷᠤᠭ ᠰᠠᠳᠤᠨ ᠢᠶᠠᠨ ᠨᠠᠶᠢᠳᠠᠵᠤ ᠬᠦᠦ ᠳᠡᠭᠡᠨ ᠪᠡᠷᠢ ᠭᠤᠶᠤᠯᠭᠠᠳᠠᠭ ᠵᠠᠩᠰᠢᠯ ᠲᠠᠢ᠃ ᠡᠨᠡ ᠨᠢ ᠲᠤᠬᠠᠢ ᠶᠢᠨ ᠦᠶ᠎ᠡ ᠶᠢᠨ ᠨᠠᠢᠮᠠᠨ ᠨᠤᠲᠤᠭ ᠦᠷᠭᠡᠨ ᠠᠭᠤᠳᠠᠮ ᠠᠲᠠᠯ᠎ᠠ ᠬᠦᠮᠦᠨ ᠠᠮᠠ ᠴᠦᠬᠡᠨ᠂ ᠠᠶᠢᠯ ᠡᠷᠦᠬᠡ ᠠᠳᠡ ᠲᠡᠨᠳᠡ᠂ ᠠᠪᠠᠷ ᠲᠠᠪᠠᠷ ᠭᠠᠭᠴᠠ ᠬᠤᠶᠠᠷ ᠭᠡᠷ ᠢᠶᠠᠷ ᠰᠠᠭᠤᠳᠠᠭ᠂ ᠵᠠᠮ ᠬᠠᠷᠢᠯᠴᠠᠭ᠎ᠠ ᠲᠤᠶᠢᠯ ᠤᠨ ᠪᠤᠶᠢᠳᠠ ᠪᠦᠭᠯᠡᠭᠦᠦ ᠪᠠᠶᠢᠭᠰᠠᠨ ᠲᠠᠢ ᠬᠤᠯᠪᠤᠭᠳᠠᠯ ᠲᠠᠢ ᠠᠵᠢ᠃ ᠡᠶᠢᠮᠤ ᠠᠴᠠ ᠵᠢᠯ ᠴᠠᠭᠠᠨ ᠰᠠᠷ᠎ᠠ ᠶᠢᠨ ᠵᠤᠯᠭᠠᠯᠲᠠ ᠪᠤᠶᠤ ᠬᠤᠷᠢᠮ ᠨᠠᠶᠢᠷ᠂ ᠠᠪᠠ ᠰᠢᠪᠠᠭᠤᠨ ᠳᠤ ᠶᠠᠪᠤᠬᠤ ᠵᠠᠪᠰᠢᠶᠠᠨ ᠳᠠᠭᠠᠨ ᠬᠤᠯᠠ ᠤᠶᠢᠷ᠎ᠠ ᠶᠢᠨ ᠬᠦᠮᠦᠰ ᠲᠠᠢ ᠪᠠᠨ ᠠᠭᠤᠯᠵᠠᠨ ᠤᠴᠠᠷᠠᠵᠤ᠂ ᠦᠭᠡᠨ ᠠᠴᠠ ᠦᠭᠡ ᠪᠤᠯᠵᠤ ᠬᠡᠨ ᠬᠡᠨ ᠤ ᠦᠬᠢᠨ ᠦᠩᠭᠡ ᠵᠢᠰᠤ ᠲᠠᠢ᠂ ᠤᠷᠠᠨ ᠤᠶᠤᠳᠠᠯ ᠲᠠᠢ᠂ ᠤᠬᠠᠭᠠᠨ ᠰᠠᠨᠠᠭ᠎ᠠ ᠰᠠᠶᠢᠲᠠᠢ᠂ ᠵᠠᠩ ᠠᠭᠠᠰᠢ ᠨᠢ ᠲᠠᠷᠤᠤ ᠨᠤᠮᠤᠬᠠᠨ ᠪᠠᠶᠢᠬᠤ᠂ ᠬᠡᠳᠤ ᠨᠠᠰᠤᠯᠠᠵᠤ ᠪᠠᠶᠢᠬᠤ ᠵᠡᠷᠭᠡ ᠶᠢ ᠰᠤᠷᠠᠭᠯᠠᠳᠠᠭ᠃ ᠲᠡᠷᠡ ᠦᠶ᠎ᠡ ᠶᠢᠨ ᠪᠠᠶᠢᠭᠠᠯᠢ ᠶᠢᠨ ᠤᠷᠴᠢᠨ ᠠᠬᠤᠢ ᠤᠨᠴᠠ ᠲᠡᠩᠴᠡᠭᠦᠷᠢᠲᠠᠢ᠂ ᠬᠦᠮᠦᠨ ᠠᠮᠢᠲᠠᠨ ᠤ ᠦᠰᠦᠯᠲᠡ ᠪᠤᠶᠢᠵᠢᠯᠲᠠ ᠳᠤ ᠲᠤᠶᠢᠯ ᠤᠨ ᠰᠠᠶᠢᠨ ᠲᠤᠯᠠ ᠦᠬᠢᠨ ᠬᠦᠮᠦᠨ 12 — 13 ᠨᠠᠰᠤ ᠬᠦᠷᠦᠭᠰᠡᠭᠡᠷ ᠦᠰᠦᠨ ᠪᠤᠶᠢᠵᠢᠵᠤ ᠭᠦᠢᠴᠡᠳᠡᠭ᠃ ᠦᠬᠢᠨ ᠤ ᠭᠡᠷ ᠤᠨ ᠬᠦᠮᠦᠰ ᠨᠢ ᠦᠬᠢᠨ ᠤ ᠪᠠᠨ ᠪᠡᠶ᠎ᠡ ᠭᠦᠢᠴᠡᠭᠰᠡᠨ ᠲᠡᠮᠳᠡᠭ ᠢ ᠮᠡᠳᠡᠮᠡᠭᠴᠡ ︽ᠦᠰᠦᠲᠡᠢ ᠦᠬᠢᠨ︾ ᠪᠤᠯᠵᠠᠢ ᠭᠡᠳ ᠠᠳᠤᠭᠤ ᠮᠠᠯ ᠳᠤ ᠶᠠᠪᠤᠭᠤᠯᠤᠯ ᠦᠭᠡᠢ ᠠᠶᠢᠯ ᠭᠡᠷ ᠲᠡᠭᠡᠨ ᠰᠠᠭᠤᠯᠭᠠᠵᠤ᠂ ᠦᠢᠯᠡ ᠤᠲᠠᠰᠤ ᠲᠠᠢ ᠬᠠᠨᠢᠯᠠᠭᠤᠯᠤᠨ᠂ ᠭᠠᠳᠠᠨᠠᠬᠢ ᠬᠦᠮᠦᠰ ᠲᠠᠢ ᠤᠴᠠᠷᠠᠭᠤᠯᠬᠤ ᠦᠭᠡᠢ ᠪᠤᠯᠳᠠᠭ᠃ ᠬᠦᠦ ᠴᠤ 15 — 16 ᠨᠠᠰᠤ ᠬᠦᠷᠦᠮᠡᠭᠴᠡ ᠪᠡᠷᠢ ᠭᠤᠶᠤᠵᠤ᠂ ᠡᠷᠦᠭᠡ ᠭᠡᠷ ᠪᠤᠰᠬᠠᠬᠤ ᠪᠠᠷ ᠪᠡᠯᠡᠳᠭᠡᠳᠡᠭ᠃ ᠬᠦᠦ ᠶᠢᠨ ᠲᠠᠯ᠎ᠠ ᠶᠢᠨ ᠬᠢᠨ ᠤᠷᠤᠭ ᠤᠨ ᠴᠢᠮᠡᠭᠡ ᠲᠤᠭᠤᠯᠳᠠᠮᠠᠭᠴᠠ ᠠᠭᠠᠰᠢ ᠵᠠᠩ ᠨᠢ ᠰᠠᠶᠢᠨ᠂ ᠦᠭᠡ ᠬᠡᠯᠡᠨ ᠳᠡᠭᠡᠨ ᠬᠤᠷᠴᠠ ᠵᠠᠭᠤᠴᠢ ᠶᠢ ᠭᠡᠷ ᠲᠡᠭᠡᠨ ᠵᠠᠯᠠᠵᠤ᠂ ᠤᠷᠤᠭ ᠠᠰᠠᠭᠤᠯᠭᠠᠬᠤ ᠪᠠᠷ ᠶᠠᠪᠤᠭᠤᠯᠳᠠᠭ᠃ ᠵᠠᠭᠤᠴᠢ ᠠᠩᠬ᠎ᠠ ᠤᠴᠢᠬᠤ ᠳᠤ ᠪᠡᠯᠡᠭ ᠰᠠᠯᠲᠠ ᠠᠪᠳᠠᠭ ᠦᠭᠡᠢ᠂ ᠬᠦᠬᠦᠷ ᠲᠡᠭᠡᠨ ᠬᠠᠮᠠᠷ ᠲᠠᠮᠠᠬᠢ ᠪᠠᠨ ᠳᠦᠭᠦᠷᠭᠡᠵᠤ ᠡᠩ ᠤᠨ ᠲᠤᠭᠤᠷᠢᠯᠲᠠ ᠪᠠᠷ ᠬᠡᠦᠬᠡᠨ ᠤ ᠲᠠᠯ᠎ᠠ ᠳᠤ ᠬᠦᠷᠴᠤ᠂ ᠬᠦᠬᠦᠷ ᠰᠤᠯᠢᠯᠴᠠᠨ ᠴᠠᠢ ᠤᠤᠭᠤᠬᠤ ᠵᠠᠭᠤᠷ᠎ᠠ ᠪᠠᠨ ᠦᠭᠡᠨ ᠠᠴᠠ ᠦᠭᠡ ᠡᠭᠦᠰᠭᠡᠵᠤ᠂ ᠦᠬᠢᠨ ᠤ ᠬᠢᠨᠢ ᠬᠡᠳᠤ ᠬᠦᠷᠴᠦ ᠪᠠᠶᠢᠬᠤ᠂ ᠭᠠᠵᠠᠷ ᠲᠤ ᠲᠤᠷᠠᠰᠤᠭᠰᠠᠨ ᠡᠰᠡᠬᠦ ᠶᠢ ᠯᠠᠪᠯᠠᠬᠤ ᠶᠢᠨ ᠬᠠᠮᠲᠤ ᠬᠦᠦ ᠶᠢᠨ ᠲᠠᠯ᠎ᠠ ᠶᠢ ᠲᠠᠨᠢᠯᠴᠠᠭᠤᠯᠵᠤ ᠮᠠᠭᠲᠠᠳᠠᠭ᠃ ᠲᠤᠬᠠᠢ ᠶᠢᠨ ᠨᠡᠶᠢᠭᠡᠮ ᠳᠤ ᠬᠡᠦᠬᠡᠨ ᠢ ᠪᠤᠵᠠᠷᠯᠠᠬᠤ ᠨᠢ ᠶᠠᠯ᠎ᠠ ᠦᠭᠡᠢ ᠲᠤᠯᠠ ᠪᠠᠶᠠᠳ᠂ ᠨᠤᠶᠠᠳ ᠤᠨ ᠡᠩᠡ ᠨᠠᠷ ᠬᠦᠳᠡᠭᠡ ᠠᠶᠢᠯ ᠤᠨ ᠦᠬᠢᠳ᠂ ᠪᠡᠷᠢᠶᠡᠳ ᠢ ᠪᠤᠵᠠᠷᠯᠠᠬᠤ ᠨᠢ ᠠᠷᠪᠢᠨ ᠪᠠᠶᠢᠪᠠ᠃ ᠲᠡᠶᠢᠮᠦ ᠠᠴᠠ ᠦᠬᠢᠨ ᠲᠠᠢ ᠭᠡᠷ ᠦᠬᠢᠨ ᠤ ᠪᠠᠨ ᠠᠷᠢᠭᠤᠨ ᠴᠢᠭᠡᠴᠢ ᠶᠢᠨ ᠤᠴᠢᠷ ᠲᠤ ᠶᠡᠭᠡᠳᠡ ᠰᠠᠨᠠᠭᠠᠰᠢᠷᠠᠳᠠᠭ᠃ ᠬᠦᠦ ᠶᠢᠨ ᠲᠠᠯ᠎ᠠ ᠨᠢ ᠪᠤᠯᠤᠮᠠᠷ ᠰᠠᠨᠠᠭᠳᠠᠮᠠᠭᠴᠠ ᠬᠡᠦᠬᠡᠨ ᠤ ᠠᠪᠤ ᠡᠵᠢ ᠨᠢ ᠡᠷᠬᠡ ᠮᠡᠳᠡᠵᠤ ᠤᠷᠤᠭ ᠲᠤᠭᠲᠠᠳᠠᠭ᠃ ᠡᠶᠢᠮᠤ ᠠᠴᠠ ᠪᠤᠯᠵᠤ ᠪᠦᠳᠦᠮᠡᠷ ᠶᠠᠩᠵᠤ ᠲᠠᠢ ᠪᠤᠯ ᠵᠠᠭᠤᠴᠢ  ᠠᠴᠠ ᠬᠤᠶᠠᠳᠡᠬᠢ ᠤᠳᠠᠭ᠎ᠠ ᠠᠷᠢᠬᠢ ᠠᠪᠴᠤ ᠤᠴᠢᠨ ᠰᠢᠭᠤᠳ ᠬᠡᠦᠬᠡᠨ ᠢ ᠨᠢ ᠬᠡᠨ ᠬᠡᠨ ᠤ ᠬᠦᠦ ᠳᠤ ᠭᠤᠶᠤᠬᠤ ᠪᠠᠷ ᠢᠷᠡᠭᠰᠡᠨ ᠢᠶᠠᠨ ᠲᠤᠳᠤᠷᠬᠠᠶᠢᠯᠠᠳᠠᠭ᠃ ᠬᠡᠦᠬᠡᠨ ᠤ ᠲᠠᠯ᠎ᠠ ᠨᠢ ᠤᠷᠤᠭᠰᠢᠲᠠᠢ ᠪᠤᠯ ᠠᠪᠠᠴᠢᠭᠰᠠᠨ ᠤᠯᠠᠭᠠᠨ ᠤᠲᠠᠰᠤ ᠲᠠᠢ ᠠᠷᠢᠬᠢ ︵ᠠᠷᠢᠬᠢᠨ ᠯᠤᠩᠬᠤᠨ ᠤ ᠬᠦᠵᠦᠬᠦᠨ ᠳᠤ ᠪᠡᠯᠭᠡ ᠲᠠᠢ ᠭᠡᠵᠤ ᠤᠯᠠᠭᠠᠨ ᠤᠲᠠᠰᠦ ᠤᠶᠠᠳᠠᠭ︶ ᠪᠠᠨ ᠭᠠᠷᠭᠠᠵᠤ᠂ ᠬᠡᠦᠬᠡᠨ ᠤ ᠭᠡᠷ ᠤᠨ ᠠᠬᠠᠮᠠᠳ ᠲᠤ ᠪᠠᠷᠢᠭᠠᠳ ᠬᠡᠦᠬᠡᠨ ᠤ ᠠᠬᠠᠮᠠᠳ ᠲᠠᠢ ᠠᠷᠢᠬᠢ ᠤᠤᠭᠤᠳᠠᠭ᠃ ᠡᠭᠦᠨ ᠢ ︽ᠬᠡᠦᠬᠡᠨ ᠤ ᠠᠮᠠᠨ ᠠᠷᠢᠬᠢ  ︾ ᠭᠡᠳᠡᠭ᠃ ᠲᠠᠷᠤᠢ ᠤᠷᠤᠭ ᠭᠤᠶᠤᠬᠤ ᠶᠢ ᠵᠦᠪᠰᠢᠶᠡᠷᠡᠭᠰᠡᠨ ᠪᠤᠯᠵᠤᠭ᠎ᠠ ᠪᠠᠶᠢᠭ᠎ᠠ ᠶᠤᠮ᠃ ᠭᠡᠪᠡᠴᠤ ᠬᠡᠦᠬᠡᠨ ᠤ ᠲᠠᠯ᠎ᠠ ᠶᠢᠨ ᠬᠢᠨᠢ ᠠᠰᠠᠭᠤᠨ ᠯᠠᠪᠯᠠᠬᠤ᠂ ᠤᠶᠢᠷ᠎ᠠ ᠰᠠᠳᠤᠨ ᠲᠠᠢ ᠪᠠᠨ ᠵᠦᠪᠯᠡᠬᠦ ᠴᠢᠯᠦᠭᠡ ᠶᠢ ᠨᠢ ᠲᠠᠯᠪᠢᠵᠤ ᠦᠭᠳᠡᠭ᠃ ᠲᠠᠷᠠᠭ᠎ᠠ ᠪᠠᠷ ᠵᠠᠭᠤᠴᠢ ᠬᠦᠦ ᠶᠢᠨ ᠲᠠᠯ᠎ᠠ ᠠᠴᠠ ᠪᠡᠯᠭᠡ ᠲᠡᠮᠪᠡᠷᠢᠯ ᠲᠠᠢ ᠰᠠᠶᠢᠨ ᠡᠳᠦᠷ ᠢ ᠰᠤᠩᠭᠤᠭᠤᠯᠤᠨ ᠭᠠᠷᠭᠠᠵᠤ ᠬᠡᠦᠬᠡᠨ ᠤ ᠲᠠᠯ᠎ᠠ ᠳᠤ ︽ᠪᠡᠯᠡᠭ ᠤᠨ ᠬᠤᠷᠢᠮ︾ ᠂ ᠲᠠᠷᠤᠢ ᠪᠡᠯᠡᠭ ᠮᠠᠯ ᠲᠤᠰᠢᠶᠠᠬᠤ ᠬᠤᠷᠢᠮ ᠤᠨ ᠡᠳᠦᠷ ︵ᠪᠠᠰᠠ ᠠᠷᠢᠬᠢᠨ ᠬᠤᠷᠢᠮ ᠭᠡᠳᠡᠭ︶ ᠢ ᠲᠤᠰᠢᠶᠠᠨ᠎ᠠ᠃ ᠶᠡᠷᠦ ᠳᠡᠭᠡᠨ ᠠᠷᠢᠬᠢᠨ ᠬᠤᠷᠢᠮ ᠢ ᠬᠡᠦᠬᠡᠨ ᠤ ᠲᠠᠯ᠎ᠠ ᠳᠤ ᠬᠢᠳᠡᠭ᠃ ᠬᠦᠦ ᠶᠢᠨ ᠲᠠᠯ᠎ᠠ ᠠᠴᠠ ᠬᠤᠷᠢᠮ ᠤᠨ ᠡᠳᠦᠷ ᠤᠨ ᠡᠮᠦᠨ᠎ᠡ ᠵᠠᠭᠤᠴᠢ ᠪᠠᠷ ᠬᠠᠯᠠᠭᠤᠨ ᠬᠤᠰᠢᠭᠤᠲᠤ ᠬᠤᠨᠢ ︵ᠪᠠᠰᠠ ᠰᠢᠬᠦᠰᠦ ᠭᠡᠳᠡᠭ︶᠂ ᠠᠷᠢᠬᠢ᠂ ᠴᠠᠢ᠂ ᠪᠤᠳᠠᠭ᠎ᠠ ᠬᠦᠷᠭᠡᠯᠭᠡᠵᠤ᠂ ᠮᠠᠷᠭᠠᠰᠢ ᠬᠤᠳᠠ ᠬᠤᠳᠠᠭᠠᠢ ᠶᠢᠨ ᠬᠤᠳᠳᠤᠭ ᠤᠨ ᠤᠰᠤ ᠶᠢ ᠵᠢᠭᠡᠯᠡᠨ᠎ᠡ᠂ ᠪᠤᠰᠤᠳ ᠨᠢ ᠪᠦᠷᠢᠨ ᠭᠡᠵᠤ ᠬᠡᠯᠡᠭᠡᠳ ᠯᠡ ᠬᠤᠤᠰ ᠪᠡᠯᠡᠭ ᠢᠶᠠᠨ ᠲᠤᠰᠢᠶᠠᠨ ᠪᠤᠴᠠᠳᠠᠭ᠃     ᠰᠠᠭᠠᠯᠢ ᠶᠢᠨ ᠬᠤᠷᠢᠮ᠄     ᠡᠨᠡ ᠬᠦ ᠬᠤᠷᠢᠮ ᠳᠤ ᠬᠦᠦ ᠶᠢᠨ ᠲᠠᠯ᠎ᠠ ᠶᠢᠨ ᠨᠠᠭᠠᠴᠤ᠂ ᠠᠪᠠᠭ᠎ᠠ ᠪᠠ ᠲᠠᠶᠢᠵᠢ ᠢᠵᠠᠭᠤᠷᠲᠠᠨ ᠲᠦᠷᠦᠬᠦᠦ ᠨᠤᠶᠠᠨ ᠨᠠᠷ ᠪᠠᠭᠲᠠᠯᠴᠠᠭᠰᠠᠨ ᠲᠡᠭᠰᠢ ᠲᠤᠭ᠎ᠠ ᠲᠠᠢ ᠬᠦᠮᠦᠰ ᠬᠡᠤᠬᠡᠨ ᠤ ᠲᠠᠯ᠎ᠠ ᠳᠤ ᠤᠴᠢᠵᠤ ᠪᠡᠯᠡᠭ ᠮᠠᠯ ᠲᠤᠰᠢᠶᠠᠨ ᠠᠷᠢᠬᠢ ᠤᠤᠭᠤᠨ᠎ᠠ᠃ ᠬᠡᠦᠬᠡᠨ ᠤ ᠲᠠᠯ᠎ᠠ ᠶᠢᠨ ᠬᠢᠨ ᠬᠦᠷᠭᠡᠨ ᠤ ᠲᠠᠯ᠎ᠠ ᠠᠴᠠ ᠬᠦᠷᠭᠡᠭᠰᠡᠨ ᠬᠤᠨᠢ ᠶᠢ ᠠᠷᠢᠬᠢᠨ ᠬᠤᠷᠢᠮ ᠤᠨ ᠭᠤᠤᠯ ᠰᠢᠷᠡᠭᠡᠨ ᠳᠤ ᠤᠷᠤᠭᠤᠯᠵᠤ᠂ ᠪᠤᠰᠤᠳ ᠢ ᠨᠢ ᠦᠪᠡᠷ ᠲᠡᠭᠡᠨ ᠪᠡᠯᠡᠳᠭᠡᠳᠡᠭ᠃ ᠲᠤᠬᠠᠢ ᠶᠢᠨ ᠦᠶ᠎ᠡ ᠶᠢᠨ ᠵᠠᠩᠰᠢᠯ ᠨᠢ ᠭᠤᠤᠯ   ᠰᠢᠷᠡᠭᠡᠨ ︵ᠪᠠᠶᠠᠳ᠂ ᠨᠤᠶᠠᠳ ᠤᠨ ᠰᠢᠷᠡᠭᠡ︶ ᠳᠤ ᠦᠬᠡᠷ ᠤᠷᠤᠭᠤᠯᠵᠤ᠂ ᠳᠡᠳ᠋ ᠰᠢᠷᠡᠭᠡᠨ ᠳᠤ ᠬᠤᠨᠢ᠂ ᠭᠤᠲᠠᠭᠠᠷ ᠰᠢᠷᠡᠭᠡᠨ ᠳᠤ ᠢᠮᠠᠭ᠎ᠠ᠂ ᠳᠦᠷᠪᠡᠳᠦᠭᠡᠷ ᠰᠢᠷᠡᠭᠡᠨ ᠳᠤ ᠡᠪᠴᠢᠭᠦᠦ ᠭᠡᠵᠤ ᠢᠯᠭᠠᠯ  ᠲᠠᠢ ᠤᠷᠤᠭᠤᠯᠳᠠᠭ᠃ ᠡᠩ ᠤᠨ ᠠᠶᠢᠯ ᠳᠤ ᠭᠤᠤᠯ ᠰᠢᠷᠡᠭᠡ ᠬᠤᠨᠢ᠂ ᠳᠡᠳ᠋ ᠰᠢᠷᠡᠭᠡ ᠢᠮᠠᠭ᠎ᠠ᠂ ᠭᠤᠳᠠᠭᠠᠷ ᠰᠢᠷᠡᠭᠡ ᠳᠤ ᠡᠪᠴᠢᠭᠦᠦ ᠬᠡᠬᠦᠴᠢᠯᠡᠨ ᠤᠷᠤᠭᠤᠯᠳᠠᠭ᠃ ᠭᠡᠪᠡᠴᠤ ᠰᠢᠷᠡᠭᠡ ᠪᠦᠬᠦᠨ ᠳᠤ ᠰᠢᠭᠦᠰᠦ ᠡᠯᠪᠡᠭ ᠪᠠᠶᠢᠳᠠᠭ᠃ ᠦᠬᠡᠷ ᠭᠡᠳᠡᠭ ᠨᠢ ᠸᠠᠩ᠂ ᠭᠦᠩ ᠢᠵᠠᠭᠤᠷᠲᠠᠨ᠂ ᠪᠠᠶᠠᠳ ᠤᠨ ᠭᠠᠷᠭᠠᠳᠠᠭ ᠰᠢᠷᠠᠭᠰᠠᠨ ᠦᠬᠡᠷ ᠢ ᠬᠡᠯᠡᠨ᠎ᠡ᠃ ᠰᠢᠷᠠᠭᠰᠠᠨ ᠦᠬᠡᠷ ᠢᠶᠠᠨ ᠪᠦᠬᠦᠯᠢ ᠪᠠᠷ ᠰᠢᠷᠡᠭᠡᠨ ᠳᠤ ᠤᠷᠤᠭᠤᠯᠵᠤ᠂ ᠰᠢᠷᠡᠭᠡᠨ ᠤ ᠮᠡᠳᠡᠭᠦᠯᠦᠯᠲᠡ ᠲᠡᠭᠦᠰᠴᠤ᠂ ᠰᠢᠨ᠎ᠡ ᠤᠷᠤᠭ ᠠᠴᠠ ᠰᠢᠷᠠᠭᠰᠠᠨ ᠦᠬᠡᠷ ᠤᠨ ᠲᠤᠯᠤᠭᠠᠢ ᠶᠢ ᠰᠦ ᠪᠠᠷ ᠮᠢᠯᠢᠶᠠᠵᠤ᠂ ᠪᠠᠷᠠᠭᠤᠨ ᠴᠢᠬᠢ ᠶᠢ ᠨᠢ ᠢᠮᠨᠡᠭᠰᠡᠨ ᠤ ᠲᠠᠷᠠᠭ᠎ᠠ ᠪᠤᠴᠠᠭᠠᠨ ᠠᠪᠴᠤ ᠭᠠᠷᠤᠨ ᠤᠭᠤᠴᠠ᠂ ᠡᠪᠴᠢᠭᠦᠦ᠂ ᠰᠡᠭᠡᠷ᠂ ᠮᠦᠴᠡ᠂ ᠬᠠᠪᠢᠷᠭ᠎ᠠ ᠶᠢ ᠦᠶ᠎ᠡ ᠦᠶ᠎ᠡ ᠪᠠᠷ ᠰᠠᠯᠭᠠᠵᠤ ᠭᠤᠤᠯ ᠰᠢᠷᠡᠭᠡᠨ ᠳᠤ ᠤᠭᠤᠴᠠ ᠭᠤᠤᠯᠳᠠᠵᠤ᠂ ᠵᠡᠭᠦᠨ ᠬᠨ ᠶᠢᠨ ᠭᠤᠷᠪᠠᠨ ᠦᠶ᠎ᠡ᠂ ᠪᠠᠷᠠᠭᠤᠨ ᠭᠤᠶ᠎ᠠ ᠶᠢᠨ ᠭᠤᠷᠪᠠᠨ ᠦᠶ᠎ᠡ᠂ ᠤᠭᠤᠴᠢᠯᠠᠬᠤ ᠦᠶ᠎ᠡ ᠶᠢᠨ ᠦᠯᠡᠳᠡᠭᠰᠡᠨ ᠳᠦᠷᠪᠡᠨ ᠬᠠᠪᠢᠷᠭ᠎ᠠ ᠲᠠᠢ ᠬᠠᠮᠲᠤ ᠤᠷᠤᠭᠤᠯᠤᠨ᠎ᠠ᠃ ᠳᠡᠳ᠋ ᠰᠢᠷᠡᠭᠡᠨ ᠳᠤ ᠡᠪᠴᠢᠭᠦᠦ᠂ ᠭᠤᠳᠠᠭᠠᠷ ᠰᠢᠷᠡᠭᠡᠨ ᠳᠤ ᠪᠠᠷᠠᠭᠤᠨ ᠬᠨ ᠬᠡᠬᠦᠴᠢᠯᠡᠨ ᠳᠤᠷᠤᠭᠰᠢ ᠰᠢᠷᠡᠭᠡ ᠪᠦᠬᠦᠨ ᠳᠤ ᠨᠢᠵᠡᠭᠡᠳ ᠬᠤᠪᠢ ᠬᠦᠷᠲᠡᠭᠡᠳᠡᠭ᠃ ᠪᠦᠬᠦᠯᠢ ᠰᠢᠷᠠᠭᠰᠠᠨ ᠬᠤᠨᠢ ᠶᠢ ᠴᠤ ᠭᠡᠰᠡᠨ ᠲᠡᠭᠡᠷᠡᠬᠢ ᠮᠡᠲᠤ ᠪᠠᠷ ᠬᠤᠪᠢᠶᠠᠯᠠᠳᠠᠭ᠃ ᠬᠤᠨᠢᠨ ᠤ ᠶᠡᠭᠡ ᠤᠭᠤᠴᠠ ︵ᠪᠠᠰᠠ ᠱᠠᠯᠳᠠᠩ ᠤᠭᠤᠴᠠ ᠭᠡᠳᠡᠭ ︶ ᠶᠢᠨ ᠰᠡᠭᠦᠯ ᠢ ᠨᠢ ᠬᠠᠰᠢᠭᠰᠠᠨ ᠤ ᠲᠠᠷᠠᠭ᠎ᠠ ᠬᠤᠶᠠᠷ ᠬᠠᠰᠢᠯᠭ᠎ᠠ ᠶᠢ ᠲᠤᠷᠤᠭᠰᠢ ᠪᠠᠭᠤᠯᠭᠠᠨ᠎ᠠ᠃   ᠠᠯᠢ ᠴᠤ ᠰᠢᠷᠡᠭᠡᠨ ᠲᠡᠭᠡᠷ᠎ᠡ ᠲᠡᠪᠰᠢ ᠲᠦᠭᠦᠷᠡᠲᠡᠯ᠎ᠡ ᠦᠶ᠎ᠡ ᠬᠡᠰᠢᠭᠦᠦ᠂ ᠬᠠᠪᠢᠷᠭ᠎ᠠ᠂ ᠴᠢᠳᠬᠤᠭᠰᠠᠨ ᠭᠡᠳᠡᠰᠤ ᠦᠷᠦᠳᠡᠭ᠃ ᠬᠦᠵᠦᠭᠦᠦ᠂ ᠪᠤᠭᠤᠨᠢ ᠬᠠᠪᠢᠷᠭ᠎ᠠ ᠶᠢ ᠰᠢᠷᠡᠭᠡᠨ ᠳᠤ ᠤᠷᠤᠭᠤᠯᠤᠯ ᠦᠭᠡᠢ ᠲᠤᠭᠤᠭᠠᠴᠢ ᠳᠤ ᠦᠯᠡᠳᠡᠭᠡᠨ᠎ᠡ᠃ ᠭᠤᠤᠯ ᠰᠢᠷᠡᠭᠡᠨ ᠤ ᠬᠡᠰᠢᠭ ᠢ ᠳᠤᠷᠤᠭᠰᠢ ᠪᠠᠭᠤᠯᠭᠠᠬᠤ ᠨᠢ ᠬᠦᠬᠡ ᠮᠤᠩᠭᠤᠯ ᠤᠨ ᠡᠷᠬᠢᠮ ᠢᠳᠡᠭᠡᠨ ᠢᠶᠠᠨ ᠴᠤ ᠤᠯᠠᠨ ᠢᠶᠠᠷ ᠢᠶᠠᠨ ᠰᠠᠶᠢᠬᠠᠨ ᠬᠤᠪᠢᠶᠠᠯᠴᠠᠬᠤ ᠠᠷᠢᠭᠤᠨ ᠰᠠᠶᠢᠬᠠᠨ ᠵᠠᠩ ᠰᠤᠷᠲᠠᠯ   ᠪᠠᠶᠢᠭ᠎ᠠ ᠪᠢᠯᠠ᠃     ᠪᠡᠯᠡᠭ ᠲᠣᠰᠢᠶᠠᠬᠤ᠄     ᠬᠤᠷᠢᠮ ᠤᠨ ᠭᠤᠤᠯ ᠡᠳᠦᠷ ᠤᠨ ᠡᠷᠲᠡ ᠬᠦᠦ ᠶᠢᠨ ᠲᠠᠯ᠎ᠠ ᠠᠴᠠ ᠪᠡᠯᠡᠭ ᠤᠨ ᠮᠠᠯ ᠤᠨᠤᠭ᠎ᠠ ᠪᠠᠨ ᠲᠠᠭᠤᠵᠤ᠂ ᠬᠡᠦᠬᠡᠨ ᠤ ᠲᠠᠯ᠎ᠠ ᠶᠢᠨ ᠵᠡᠯᠡᠨ ᠲᠡᠭᠡᠷ᠎ᠡ ᠤᠶᠠᠳᠠᠭ᠃ ᠬᠤᠷᠢᠮ ᠤᠨ ᠰᠢᠷᠡᠭᠡᠨ ᠳᠤ ᠬᠦᠦ ᠶᠢᠨ ᠨᠠᠭᠠᠴᠤ᠂ ᠲᠦᠷᠦᠭᠦᠦ ᠨᠤᠶᠠᠨ ᠢᠶᠠᠷ ᠭᠤᠤᠯᠯᠠᠵᠤ᠂ ᠠᠪᠠᠭ᠎ᠠ ᠨᠠᠷ ᠨᠢ ᠲᠦᠷᠦᠭᠦᠦ ᠲᠦᠰᠢᠮᠡᠯ ᠢᠶᠠᠷ ᠰᠠᠭᠤᠵᠤ᠂ ᠰᠢᠨ᠎ᠡ ᠬᠦᠷᠭᠡᠨ᠂ ᠬᠦᠷᠭᠡᠨ ᠳᠠᠭᠠᠭᠰᠠᠨ ᠬᠦᠦ ᠪᠠ ᠬᠡᠯᠡᠮᠦᠷᠴᠢ᠂ ᠳᠠᠭᠤᠴᠢᠨ ᠬᠡᠬᠦᠴᠢᠯᠡᠨ ᠬᠤᠤᠰ ᠲᠤᠭ᠎ᠠ ᠲᠠᠢ ᠬᠦᠮᠦᠰ ᠰᠠᠭᠤᠳᠠᠭ᠃ ᠪᠡᠯᠡᠭ ᠤᠨ ᠬᠤᠷᠢᠮ ᠤᠨ ᠮᠠᠯ ᠲᠠᠭᠤᠭᠰᠠᠳ ᠢ ᠤᠷᠤᠭ ᠤᠨ ᠲᠤᠭᠠᠨ ᠳᠤ ᠪᠤᠳᠤᠬᠤ ᠦᠭᠡᠢ᠃ ᠬᠡᠦᠬᠡᠨ ᠤ ᠲᠠᠯ᠎ᠠ ᠠᠴᠠ ᠠᠷᠢᠭᠤᠨ ᠮᠤᠩᠭᠤᠯ ᠤᠨ ᠤᠯᠠᠮᠵᠢᠯᠠᠯᠲᠤ ᠵᠠᠩᠰᠢᠯ ᠢᠶᠠᠷ ᠰᠢᠷᠡᠭᠡ ᠲᠦᠭᠦᠷᠡᠩ ᠴᠠᠭᠠᠨ ᠢᠳᠡᠭᠡ᠂   ᠪᠤᠤᠪᠤ ᠪᠤᠭᠤᠷᠰᠠᠭ ᠦᠷᠦᠭᠰᠡᠨ ᠴᠠᠢ ᠶᠢᠨ ᠰᠢᠷᠡᠭᠡ ᠵᠠᠰᠠᠳᠠᠭ᠃ ᠴᠠᠢ ᠶᠢᠨ ᠰᠢᠷᠡᠭᠡ ᠶᠢᠨ ᠲᠠᠷᠠᠭ᠎ᠠ ᠬᠦᠦ ᠶᠢᠨ ᠲᠠᠯ᠎ᠠ ᠠᠴᠠ ᠬᠡᠦᠬᠡᠨ ᠤ ᠠᠬᠠᠮᠠᠳ ᠢ ᠵᠠᠯᠠᠨ ᠪᠡᠯᠡᠭ ᠮᠠᠯ ᠲᠤᠰᠢᠶᠠᠬᠤ ᠠᠷᠢᠬᠢᠨ ᠰᠢᠷᠡᠭᠡ ᠵᠠᠰᠠᠨ᠎ᠠ᠃ ᠰᠢᠷᠡᠭᠡᠨ ᠲᠡᠭᠡᠷ᠎ᠡ ᠬᠡᠯᠡᠮᠦᠷᠴᠢ ᠠᠴᠠ᠄     ᠬᠤᠲᠠᠯᠠ ᠪᠤᠶᠠᠨ ᠪᠦᠷᠢᠳᠦᠭᠰᠡᠨ     ᠬᠤᠪᠢ ᠢᠷᠦᠭᠡᠯ ᠪᠠᠷᠢᠯᠳᠤᠭᠰᠠᠨ     ᠬᠤᠳᠠ ᠤᠷᠤᠭ ᠲᠠᠨ ᠳᠠᠭᠠᠨ     ᠬᠤᠷᠢᠮ ᠤᠨ ᠪᠡᠯᠡᠭ ᠮᠡᠳᠡᠭᠦᠯᠵᠤ ᠪᠠᠶᠢᠨ᠎ᠠ᠃       ᠰᠠᠮᠪᠠᠢ ᠴᠠᠭᠠᠨ ᠬᠠᠳᠠᠭ ᠶᠢᠰᠤ     ᠰᠠᠭᠠᠯᠢ ᠶᠢᠨ ᠠᠷᠢᠬᠢ ᠶᠢᠰᠤᠨ ᠮᠠᠯᠤᠤ     ᠠᠯᠲᠠ ᠮᠦᠩᠭᠦ ᠶᠢᠰᠤᠨ ᠬᠡᠰᠡᠭ     ᠠᠷᠲᠠᠢ ᠲᠤᠷᠭ᠎ᠠ ᠶᠢᠰᠦᠨ ᠪᠦᠬᠦᠯᠢ ᠁   ᠭᠡᠵᠤ ᠬᠠᠳᠠᠭ᠂ ᠠᠷᠢᠬᠢ᠂ ᠶᠤᠸᠠᠮᠪᠤᠤ᠂ ᠲᠤᠷᠭ᠎ᠠ ᠶᠢᠨ ᠬᠤᠤᠰ ᠪᠡᠯᠡᠭ ᠢᠶᠠᠨ ᠲᠤᠰᠢᠶᠠᠵᠤ᠂ ᠲᠠᠬᠢᠨ ᠤᠷᠤᠭ ᠢᠶᠠᠨ ᠮᠠᠯ  ᠲᠤᠰᠢᠶᠠᠬᠤ ᠵᠡᠯ᠎ᠡ ᠲᠡᠭᠡᠷ᠎ᠡ ᠵᠠᠯᠠᠳᠠᠭ᠃   ᠬᠦᠦ ᠶᠢᠨ ᠲᠠᠯ᠎ᠠ ᠶᠢᠨ ᠬᠡᠯᠡᠮᠦᠷᠴᠢ ᠠᠴᠠ᠄ ᠬᠤᠯᠠ ᠭᠠᠵᠠᠷ ᠢ ᠤᠶᠢᠷᠠᠲᠠᠭᠤᠯᠬᠤ ᠠᠴᠠ ᠠᠵᠢᠨᠠᠢ ᠬᠦᠯᠦᠭ ᠶᠢᠰᠤ ᠬᠤᠳᠠ ᠤᠷᠤᠭ ᠤᠨ ᠬᠢᠨ ᠳᠡᠭᠡᠨ ᠠᠶᠠᠯᠠᠬᠤ ᠠᠴᠠ ᠠᠳᠠᠨ ᠲᠡᠮᠡᠭᠡ ᠶᠢᠰᠤ ᠠᠶᠢᠷᠠᠭ ᠰᠦ ᠪᠠᠨ ᠢᠪᠡᠭᠡᠬᠦ ᠰᠦᠳᠦ ᠦᠨᠢᠶ᠎ᠡ ᠶᠢᠰᠤ ᠤᠷᠤᠭ ᠬᠤᠳᠠ ᠪᠠᠨ ᠪᠠᠶᠠᠰᠬᠠᠬᠤ ᠬᠠᠯᠠᠭᠤᠨ ᠬᠤᠰᠢᠭᠤᠲᠤ ᠬᠤᠨᠢ ᠶᠢᠰᠤ ᠬᠠᠳᠠ ᠠᠭᠤᠯᠠ ᠶᠢᠨ ᠴᠢᠮᠡᠭ ᠬᠠᠪᠲᠠᠭᠠᠢ ᠡᠪᠡᠷᠲᠤ ᠢᠮᠠᠭ᠎ᠠ ᠶᠢᠰᠤ ᠭᠡᠵᠤ ᠶᠢᠰᠤ ᠶᠢᠰᠤ ᠨᠠᠶᠠᠨ ᠨᠢᠭᠡ ᠶᠢᠨ ᠬᠠᠮᠤᠭ ᠶᠡᠭᠡ ᠲᠤᠭ᠎ᠠ ᠶᠢ ᠮᠡᠳᠡᠭᠦᠯᠦᠨ᠎ᠡ᠃ ᠶᠠᠳᠠᠭᠤ ᠠᠶᠢᠯ ᠴᠤ ᠭᠡᠰᠡᠨ ᠲᠠᠪᠤᠨ ᠬᠤᠰᠢᠭᠤ ᠮᠠᠯ ᠢ ᠲᠤᠭ᠎ᠠ ᠬᠤᠴᠤᠷᠭᠠᠯ ᠦᠭᠡᠢ ᠨᠢᠭᠡ ᠨᠢᠭᠡ ᠠᠪᠴᠢᠷᠠᠨ ᠮᠤᠩᠭᠤᠯ ᠬᠦᠮᠦᠨ ᠪᠡᠯᠭᠡ ᠪᠠᠷ ᠭᠡᠳᠡᠭ ᠶᠤᠰᠤ ᠪᠠᠷ ᠠᠮᠠᠨ ᠪᠡᠯᠭᠡ ︵ᠦᠭᠡᠢ ᠶᠢ ᠪᠠᠶᠢᠬᠤ ᠪᠠᠷ︶ ᠮᠡᠳᠡᠭᠦᠯᠳᠡᠭ᠃ ᠤᠷᠤᠭ ᠴᠤ ᠡᠬᠦᠨ ᠢ ᠵᠦᠪᠰᠢᠶᠡᠷᠡᠨ᠂ ᠤᠶᠠᠭ᠎ᠠ ᠵᠡᠯᠡᠨ ᠲᠡᠭᠡᠷ᠎ᠡ ᠨᠢᠭᠡ ᠨᠢᠭᠡ ᠮᠠᠯ ᠢ  ᠨᠢ ᠦᠯᠡᠳᠡᠭᠡᠵᠤ ᠵᠡᠯ᠎ᠡ ᠲᠠᠷᠤᠳᠠᠭ᠃ ᠡᠭᠦᠨ ᠢ ᠬᠦᠦ ᠶᠢᠨ ᠲᠠᠯ᠎ᠠ ᠪᠤᠴᠠᠬᠤ ᠳᠠᠭᠠᠨ ᠠᠪᠤᠭᠠᠳ ᠪᠤᠴᠠᠨ᠎ᠠ᠃ ᠤᠳᠤ ᠠᠳᠤᠭᠤ ᠮᠠᠯ ᠨᠢ ᠬᠤᠪᠢᠷᠠᠭᠠᠳ ᠠᠷᠠᠳ ᠤᠨ ᠵᠤᠭᠤᠰ ᠪᠤᠯᠵᠤ ᠪᠡᠯᠡᠭ ᠲᠤᠰᠢᠶᠠᠭᠰᠠᠨ ᠰᠢᠷᠡᠭᠡᠨ ᠲᠡᠭᠡᠷ᠎ᠡ ᠲᠡᠪᠰᠢ ᠲᠠᠷᠤᠵᠤ ᠪᠠᠶᠢᠨ᠎ᠠ ᠭᠡᠵᠤ ᠵᠠᠭᠤᠲᠤ ᠶᠢᠨ ᠵᠤᠭᠤᠰ ᠦᠯᠡᠳᠡᠭᠡᠵᠤ ᠪᠠᠶᠢᠬᠤ ᠲᠠᠢ ᠠᠳᠠᠯᠢ᠃ ᠡᠭᠦᠨ ᠠᠴᠠ ᠭᠠᠳᠠᠨ᠎ᠠ ᠡᠬᠡ ᠶᠢᠨ ᠴᠠᠭᠠᠨ ᠰᠦ ᠬᠠᠷᠢᠭᠤᠯᠤᠨ᠎ᠠ ᠭᠡᠵᠤ ᠬᠡᠦᠬᠡᠨ ᠤ ᠡᠵᠢ ᠳᠤᠨᠢ ᠲᠤᠰᠬᠠᠢ ᠪᠡᠯᠡᠭ ᠲᠠᠢ ᠪᠠᠶᠢᠳᠠᠭ᠃ ᠡᠬᠦᠨ ᠢ ᠵᠠᠭᠤᠴᠢ ᠠᠴᠠ ᠬᠡᠦᠬᠡᠨ ᠤ ᠡᠵᠢ ᠳᠤ ᠰᠢᠭᠤᠳ ᠭᠠᠷᠳᠠᠭᠤᠯᠳᠠᠭ᠃     ᠤᠷᠤᠭ ᠤᠨ ᠶᠤᠰᠤᠨ᠄     ᠨᠠᠢᠮᠠᠨ ᠮᠤᠩᠭᠤᠯᠴᠤᠳ ᠡᠪᠦᠭᠡ ᠲᠡᠭᠡᠳᠦᠰ ᠪᠤᠭᠳᠠ ᠴᠢᠩᠭᠢᠰ ᠤᠨ ᠶᠢᠰᠤ ᠲᠤᠭ᠎ᠠ ᠶᠢ ᠡᠷᠬᠢᠮᠯᠡᠳᠡᠭ ᠶᠤᠰᠤᠨ ᠢ ᠬᠡᠦᠬᠡᠨ ᠤ ᠪᠡᠯᠡᠭ ᠠᠪᠬᠤ ᠶᠤᠰᠤᠨ ᠳᠤ ᠠᠭᠤᠰᠬᠠᠨ ᠬᠡᠷᠡᠭᠯᠡᠳᠡᠭ᠃ ᠲᠡᠷᠡ ᠦᠶ᠎ᠡ ᠳᠤ ᠬᠠᠮᠤᠭ ᠶᠡᠭᠡ ᠪᠡᠯᠡᠭ ᠨᠢ ᠶᠢᠰᠤ ᠶᠢᠰᠤ ᠨᠠᠶᠠᠨ ᠨᠢᠭᠡ ᠪᠠᠶᠢᠭᠰᠠᠨ ᠪᠢᠯᠠ᠃ ᠡᠨᠡ ᠨᠢ ᠸᠠᠩ ᠭᠦᠩ᠂ ᠨᠤᠶᠠᠳ ᠢᠵᠠᠭᠤᠷᠲᠠᠨ ᠪᠤᠶᠤ ᠶᠡᠭᠡ ᠪᠠᠶᠠᠴᠤᠳ ᠤᠨ ᠭᠡᠷ ᠲᠤ ᠶᠠᠪᠤᠭᠳᠠᠳᠠᠭ᠃ ᠲᠠᠷᠠᠭ᠎ᠠ ᠨᠢ ᠬᠤᠶᠠᠳᠤᠭᠠᠷ᠂ ᠭᠤᠳᠠᠭᠠᠷ ᠲᠡᠰ ᠤᠨ ᠲᠠᠶᠢᠵᠢ ᠢᠵᠠᠭᠤᠷᠲᠠᠨ ᠪᠤᠶᠤ ᠨᠡᠯᠢᠶᠡᠳ ᠰᠠᠶᠢᠨ ᠠᠮᠢᠳᠤᠷᠠᠯ ᠲᠠᠢ ᠠᠶᠢᠯ ᠡᠷᠦᠬᠡ ᠳᠤ ᠳᠤᠯᠤᠭᠠᠨ ᠶᠢᠰᠤ᠂ ᠲᠠᠪᠤᠨ ᠶᠢᠰᠤ ᠭᠡᠬᠦᠴᠢᠯᠡᠨ ᠪᠡᠯᠡᠭ ᠠᠪᠳᠠᠭ᠃ ᠶᠢᠰᠤ ᠶᠢᠰᠤ ᠶᠢᠨ ᠶᠡᠭᠡ ᠪᠡᠯᠡᠭ ᠲᠤ ᠠᠮᠠᠨ ᠴᠠᠭᠠᠨ ᠬᠠᠳᠠᠭ ᠶᠢᠰᠤ᠂ ᠠᠯᠲᠠ ᠮᠦᠩᠭᠦᠨ ᠶᠤᠸᠠᠮᠪᠤᠤ ᠶᠢᠰᠤ ᠂ ᠡᠩ ᠲᠠᠢ ᠲᠤᠷᠭ᠎ᠠ ᠶᠢᠰᠤᠨ ᠪᠦᠬᠦᠯᠢ᠂ ᠠᠷᠠᠵᠨ ᠠᠷᠢᠬᠢ ᠶᠢᠰᠤᠨ ᠮᠠᠯᠤᠤ ᠪᠠ ᠲᠠᠪᠤᠨ ᠬᠤᠰᠢᠭᠤ ᠮᠠᠯ ᠠᠴᠠ ᠶᠢᠰᠤ ᠶᠢᠰᠤ ᠭᠡᠵᠤ ᠨᠢᠭᠡ ᠤᠷᠤᠨᠲᠤ ᠲᠤᠭᠠᠨ ᠤ ᠬᠠᠮᠤᠭ ᠶᠡᠭᠡ ᠲᠤᠭ᠎ᠠ ᠪᠤᠯᠬᠤ ᠶᠢᠰᠤ ᠲᠤᠭ᠎ᠠ ᠪᠠᠷ ᠪᠡᠯᠭᠡ ᠲᠡᠮᠪᠡᠷᠢᠯ ᠪᠤᠯᠭᠠᠵᠤ᠂ ᠶᠢᠰᠤ ᠲᠤᠭᠠᠨ ᠤ ᠦᠷᠡᠵᠢᠪᠦᠷᠢ ᠪᠠᠷ ᠦᠷ᠎ᠡ ᠬᠡᠦᠬᠡᠳ ᠤᠨ ᠢᠶᠠᠨ ᠬᠤᠵᠢᠮ ᠤᠨ ᠠᠳᠠᠯ ᠠᠮᠢᠳᠤᠷᠠᠯ᠂ ᠠᠵᠢᠯ ᠤᠶᠢᠯᠡᠰ ᠨᠢ ᠦᠷᠨᠢᠯ ᠬᠦᠭᠵᠢᠯ ᠲᠠᠢ᠂ ᠦᠭᠡᠳᠡ ᠡᠰᠡᠷᠡᠭ ᠪᠤᠯᠬᠤ ᠶᠢ ᠵᠦᠩᠨᠡᠨ ᠪᠡᠯᠭᠡᠳᠡᠳᠡᠭ᠃ ᠶᠡᠭᠡ ᠠᠷᠢᠬᠢ ᠶᠢᠨ ᠲᠠᠷᠠᠭ᠎ᠠ ᠬᠤᠶᠠᠷ ᠲᠠᠯ᠎ᠠ ᠠᠴᠠ ᠬᠤᠶᠠᠷ ᠬᠡᠦᠬᠡᠳ ᠤᠨ ᠢᠶᠠᠨ ᠭᠡᠷᠯᠡᠬᠦ ᠪᠡᠯᠡᠳᠭᠡᠯ ᠳᠤ ᠶᠠᠭᠠᠷᠠᠳᠠᠭ᠃ ᠭᠡᠬᠦ ᠳᠡᠭᠡᠨ ᠵᠢᠯ ᠦᠡᠵᠢᠯ ᠦᠭᠡᠢ ᠭᠡᠷᠯᠡᠳᠡᠭ᠃ ᠲᠤᠬᠠᠢ ᠶᠢᠨ ᠦᠶ᠎ᠡ ᠳᠤ ᠬᠡᠦᠬᠡᠨ 16 — 17 ᠨᠠᠰᠤᠲᠠᠢ ᠭᠡᠷᠯᠡᠬᠦ ᠨᠢ ᠤᠯᠠᠨ᠃ ᠬᠡᠦᠬᠡᠨ 18 ᠨᠠᠰᠤ ᠬᠦᠷᠦᠭᠰᠡᠭᠡᠷ ᠮᠠᠭᠤ ᠢᠷᠸ᠎ᠡ ᠲᠠᠢ ᠪᠤᠯᠵᠠᠢ ᠭᠡᠳ ᠯᠠᠮᠠ ᠵᠠᠯᠠᠵᠤ ᠨᠤᠮ ᠤᠩᠰᠢᠭᠤᠯᠵᠤ ᠭᠠᠢ ᠪᠠᠷᠴᠢᠳ ᠢ ᠨᠢ ᠠᠷᠢᠯᠭᠠᠭᠰᠠᠨ ᠤ ᠳᠠᠷᠠᠭ᠎ᠠ ᠭᠡᠷᠯᠡᠬᠦᠯᠦᠨ᠎ᠡ᠃ ᠡᠰᠡᠪᠡᠯ ᠬᠡᠦᠬᠡᠨ ᠢ 19 ᠨᠠᠰᠤ ᠬᠦᠷᠭᠡᠨ ᠭᠡᠷᠯᠡᠬᠦᠯᠳᠡᠭ ᠵᠠᠩᠰᠢᠯ ᠲᠠᠢ᠃ ᠬᠡᠦᠬᠡᠨ ᠤ ᠲᠠᠯ᠎ᠠ ᠶᠢᠨ ᠬᠢᠨ ᠬᠦᠷᠭᠡᠨ᠂ ᠬᠡᠦᠬᠡᠨ ᠳᠡᠭᠡᠨ ᠡᠮᠦᠰᠭᠡᠬᠦ ᠬᠦᠷᠮ᠎ᠡ᠂ ᠤᠤᠵᠢ᠂ ᠲᠡᠪᠡᠯ᠂ ᠭᠤᠲᠤᠯ ᠱᠠᠬᠠᠢ᠂ ᠬᠠᠪᠲᠠᠭ᠎ᠠ ᠰᠢᠭᠤᠳᠠᠢ ᠤᠷᠠᠯᠠᠵᠤ ᠤᠶᠤᠬᠤ ᠭᠡᠳ ᠤᠶᠢᠷ᠎ᠠ ᠤᠷᠴᠢᠮ ᠤᠨ ᠤᠷᠠᠨ ᠪᠦᠰᠡᠭᠦᠶᠢᠴᠤᠳ ᠢ ᠵᠠᠯᠠᠨ ᠤᠶᠢᠯᠡ ᠤᠶᠤᠳᠠᠯ ᠳᠤ ᠰᠢᠭᠤᠷᠬᠠᠶᠢᠯᠠᠨ᠎ᠠ᠃ ᠲᠡᠷᠡ ᠦᠶ᠎ᠡ ᠳᠤ ᠬᠦᠷᠭᠡᠨ ᠢᠶᠠᠨ ᠶᠠᠮᠠᠷ ᠴᠤ ᠠᠶᠢᠯ ᠡᠷᠦᠬᠡ ᠴᠤ ᠭᠡᠰᠡᠨ ᠭᠤᠶᠢᠳᠠ ᠰᠠᠶᠢᠬᠠᠨ ᠬᠤᠪᠴᠠᠯᠠᠬᠤ ᠭᠡᠳ ᠲᠡᠩᠬᠡᠭᠡ ᠮᠡᠳᠡᠨ ᠴᠢᠷᠮᠠᠶᠢᠨ᠎ᠠ᠃ ᠬᠦᠷᠭᠡᠨ ᠤ ᠦᠩᠭᠡ ᠵᠢᠰᠤ᠂ ᠲᠦᠷᠬᠦ ᠪᠠᠶᠢᠳᠠᠯ ᠳᠤᠨᠢ ᠲᠤᠬᠢᠷᠠᠭᠰᠠᠨ ᠲᠡᠷᠯᠢᠭ ᠲᠡᠭᠡᠷ᠎ᠡ ᠤᠬᠤᠷ ᠬᠠᠷ᠎ᠠ ᠤᠤᠵᠢ᠂ ᠤᠷᠢᠶᠠᠮᠠᠭ ᠬᠤᠸᠠᠷ ᠲᠠᠢ ᠭᠤᠲᠤᠯ ᠡᠮᠦᠰᠭᠡᠵᠤ᠂ ᠤᠯᠠᠭᠠᠨ᠂ ᠨᠤᠭᠤᠭᠠᠨ᠂ ᠬᠤᠨᠳᠠᠨ ᠪᠦᠰᠡ ᠶᠢᠨ ᠠᠯᠢ ᠨᠢᠭᠡ ᠶᠢ ᠨᠢ ᠲᠤᠬᠢᠷᠠᠭᠤᠯᠤᠨ ᠪᠦᠰᠯᠡᠭᠦᠯᠵᠤ᠂ ᠠᠳᠠᠯᠢ ᠬᠤᠸᠠᠷ ᠲᠠᠢ ᠡᠷ᠎ᠡ ᠰᠢᠭᠤᠳᠠᠢ ᠬᠤᠤᠰ᠂ ᠤᠯᠠᠭᠠᠨ ᠤᠲᠠᠰᠤ ᠪᠠᠷ ᠬᠠᠰ ᠲᠠᠮᠠᠭ᠎ᠠ ᠤᠶᠤᠭᠰᠠᠨ ᠰᠤᠮᠤᠨ ᠴᠠᠭᠠᠨ ᠠᠯᠴᠢᠭᠤᠷ ᠬᠤᠤᠰ ᠵᠡᠬᠦᠯᠭᠡᠳᠡᠭ᠃ ᠡᠷ᠎ᠡ ᠰᠢᠭᠤᠳᠠᠢ ᠭᠡᠳᠡᠭ ᠨᠢ ᠰᠢᠭᠤᠳᠠᠢ ᠶᠢᠨ ᠠᠮᠠᠰᠠᠷ ᠢᠶᠠᠷ ᠨᠢ ᠲᠠᠲᠠᠭᠤᠷ ᠲᠠᠲᠠᠵᠤ᠂ ᠲᠠᠲᠠᠭᠤᠷ ᠤᠨ ᠦᠵᠦᠬᠦᠷ ᠲᠤ ᠳᠦᠷᠪᠡᠨ ᠫᠢᠶᠤᠤᠳᠠᠢ ᠪᠠᠨ ᠤᠶᠤᠳᠠᠭ ᠢ ᠭᠡᠯᠡᠨ᠎ᠡ᠃ ᠭᠡᠪᠡᠴᠤ ᠮᠠᠯᠠᠭᠠᠢ ᠵᠡᠭᠦᠯᠭᠡᠳᠡᠭ ᠦᠭᠡᠢ᠃ ᠮᠠᠯᠠᠭᠠᠢ ᠪᠤᠯ ᠲᠤᠷᠤᠭᠰᠢ ᠬᠠᠷᠠᠭᠰᠠᠨ ᠠᠮᠠᠰᠠᠷ  ᠲᠠᠢ ᠭᠡᠨ᠎ᠡ᠃ ᠵᠦᠪᠬᠡᠨ ᠬᠡᠯᠡᠮᠦᠷᠴᠢ ᠠᠴᠠ ᠠᠮᠠᠨ ᠪᠡᠯᠡᠭ ᠤᠨ ᠮᠠᠯᠠᠭᠠᠢ ᠵᠡᠭᠦᠯᠭᠡᠨ ᠢᠷᠦᠭᠡᠳᠡᠭ᠃ ᠬᠦᠦ ᠶᠢᠨ ᠲᠠᠯ᠎ᠠ ᠶᠢᠨ ᠬᠢᠨ ᠰᠢᠨ᠎ᠡ ᠭᠡᠷ ᠪᠤᠰᠬᠠᠬᠤ᠂ ᠬᠤᠷᠢᠮ ᠨᠠᠶᠢᠷ ᠤᠨ ᠲᠠᠶᠢᠯᠠᠯᠲᠠ᠂   ᠰᠠᠭᠠᠳᠠᠭ ︵ᠱᠠᠭᠠᠨᠲᠤ︶ ᠲᠤ ᠶᠠᠪᠤᠬᠤ ᠲᠦᠷᠦᠭᠦᠦ ᠨᠤᠶᠠᠨ ︵ᠲᠦᠷᠦᠭᠦᠦ ᠨᠤᠶᠠᠨ ᠵᠠᠪᠠᠯ ᠪᠤᠷᠵᠢᠭᠢᠨ ᠤᠪᠤᠭᠲᠤ ᠪᠠᠶᠢᠬᠤ ᠬᠡᠷᠡᠭᠲᠡᠢ︶᠂ ᠲᠦᠷᠦᠭᠦᠦ ᠲᠦᠰᠢᠮᠡᠯ᠂ ᠬᠦᠷᠭᠡᠨ ᠲᠠᠭᠠᠬᠤ ᠬᠦᠦ᠂ ᠭᠡᠯᠡᠮᠦᠷᠴᠢ᠂ ᠲᠠᠭᠤᠴᠢᠨ ᠢᠶᠠᠨ ᠵᠠᠯᠠᠬᠤ᠂ ᠮᠦᠷᠭᠦᠭᠦᠯᠦᠭᠰᠡᠨ ᠠᠪᠤ ᠡᠵᠢ ᠡᠷᠢᠬᠦ ᠶᠠᠪᠤᠳᠠᠯ ᠳᠤ ᠮᠤᠩᠭᠠᠨᠢᠨ᠎ᠠ᠃ ᠬᠦᠦ ᠶᠢᠨ ᠠᠮᠢᠳᠤᠷᠠᠯ ᠶᠠᠳᠠᠭᠤ ᠪᠤᠶᠤ ᠪᠠᠷᠤᠭᠲᠠᠢ ᠪᠤᠯ ᠱᠠᠭᠠᠨᠲᠤ ᠪᠠᠷ ᠮᠤᠷᠳᠠᠬᠤ ᠬᠦᠦ ᠳᠡᠭᠡᠨ ᠠᠮᠢᠳᠤᠷᠠᠯ ᠰᠠᠶᠢᠨ ᠠᠶᠢᠯ ᠤᠨ ᠬᠡᠦᠬᠡᠳ ᠤᠨ ᠭᠡᠷᠯᠡᠬᠦ ᠳᠡᠭᠡᠨ ᠡᠮᠦᠰᠦᠭᠰᠡᠨ ᠮᠠᠯᠠᠭᠠᠢ᠂ ᠲᠡᠪᠡᠯ᠂ ᠭᠤᠲᠤᠯ ᠠᠴᠠ ᠠᠯᠴᠢᠭᠤᠷ ᠰᠢᠭᠤᠳᠠᠢ ᠬᠦᠷᠲᠡᠯ᠎ᠡ ᠵᠢᠭᠡᠯᠡᠵᠤ ᠬᠡᠷᠡᠭᠯᠡᠳᠡᠭ᠃ ᠡᠨᠡ ᠪᠤᠯ ᠨᠠᠢᠮᠠᠨ ᠤ ᠮᠤᠩᠭᠤᠯᠴᠤᠳ ᠤᠨ ᠪᠠᠰᠠ ᠨᠢᠭᠡ ᠰᠤᠨᠢᠨ ᠰᠠᠶᠢᠬᠠᠨ ᠵᠠᠩ ᠤᠶᠢᠯᠠ ᠪᠠᠶᠢᠭ᠎ᠠ ᠪᠢᠯᠠ᠃ ᠭᠡᠪᠡᠴᠤ ᠭᠡᠳᠡ ᠬᠢᠲᠤᠭ᠎ᠠ᠂ ᠨᠤᠮᠤ ᠰᠤᠮᠤ ᠪᠠᠨ ᠵᠠᠪᠠᠯ ᠦᠪᠡᠷ ᠤᠨ ᠬᠢ ᠪᠠᠨ ᠬᠡᠷᠡᠭᠯᠡᠨ᠎ᠡ᠃     ᠱᠠᠭᠠᠡᠲᠤ ᠮᠤᠷᠲᠠᠬᠤ᠄     ᠱᠠᠭᠠᠨᠲᠤ ᠮᠤᠷᠳᠠᠬᠤ ᠳᠠᠭᠠᠨ ᠰᠠᠭᠠᠳᠠᠭ ᠤᠨ ᠢᠷᠦᠭᠡᠯ ᠰᠤᠨᠤᠰᠤᠨ᠎ᠠ ᠭᠡᠵᠤ ᠰᠢᠷᠡᠭᠡ ᠵᠠᠰᠠᠨ ᠨᠠᠰᠤᠲᠠᠶᠢᠴᠤᠳ ᠢᠶᠠᠨ ᠵᠠᠯᠠᠨ ᠰᠠᠭᠤᠯᠭᠠᠵᠤ᠂ ᠲᠦᠷᠦᠬᠦᠦ ᠨᠤᠶᠠᠨ᠂ ᠲᠦᠰᠢᠮᠡᠯ᠂ ᠬᠡᠯᠡᠮᠦᠷᠴᠢ᠂ ᠲᠠᠭᠤᠴᠢᠨ ᠨᠠᠷ ᠬᠦᠰᠡᠷ ᠳᠡᠭᠡᠷ᠎ᠡ ᠬᠢᠴᠢᠶᠡᠩᠭᠦᠶᠢᠯᠡᠨ ᠵᠤᠭᠰᠤᠵᠤ᠂ ᠬᠦᠦ ᠪᠠ ᠬᠦᠷᠭᠡᠨ ᠳᠠᠭᠠᠭᠴᠢ ᠠᠴᠠ ᠨᠠᠰᠤᠲᠠᠶᠢᠴᠤᠳ ᠲᠠᠭᠠᠨ ᠠᠷᠢᠬᠢ ᠪᠠᠷᠢᠳᠠᠭ᠃ ᠨᠠᠰᠤᠲᠠᠶᠢᠴᠤᠳ ᠠᠴᠠ᠄     ᠬᠤᠷᠢᠮ ᠲᠦᠷᠦ ᠨᠠᠶᠢᠷ ᠬᠦᠷ ᠲᠠᠢ ᠪᠤᠯᠤᠭ     ᠬᠤᠲᠠᠯᠠ ᠤᠯᠠᠨ ᠪᠠᠶᠠᠷ ᠵᠢᠷᠭᠠᠯ ᠲᠠᠢ ᠪᠤᠯᠤᠭ     ᠤᠤᠭᠤᠭᠰᠠᠨ ᠠᠷᠢᠬᠢ ᠴᠢᠨᠢ ᠰᠢᠷ᠎ᠠ ᠦᠭᠡᠢ     ᠤᠨᠤᠭᠰᠠᠨ ᠮᠤᠷᠢ ᠴᠢᠨᠢ ᠪᠦᠳᠦᠷᠢᠭᠡ ᠦᠭᠡᠢ     ᠪᠤᠳᠤᠭᠰᠠᠨ ᠪᠦᠬᠦᠨ ᠴᠢᠨᠢ     ᠪᠤᠲᠠᠲᠠᠶᠢᠴᠢᠯᠠᠨ ᠪᠡᠶᠡᠯᠡᠭᠡᠳ     ᠰᠠᠨᠠᠭᠰᠠᠨ ᠪᠦᠬᠦᠨ ᠴᠢᠨᠢ     ᠰᠠᠨᠠᠭᠠᠴᠢᠯᠠᠨ ᠪᠦᠲᠦᠬᠦ ᠪᠤᠯᠲᠤᠭᠠᠢ᠂     ᠵᠠ︕ ᠪᠤᠰᠢᠭᠤ ᠶᠠᠪᠤᠵᠤ᠂ ᠲᠦᠷᠭᠡᠨ ᠢᠷᠡᠬᠦ ᠪᠤᠯᠲᠤᠭᠠᠢ ᠭᠡᠵᠤ ᠢᠷᠦᠭᠡᠳᠡᠭ᠃ ᠵᠠᠷᠢᠮ ᠨᠢ ᠰᠠᠭᠠᠳᠠᠭ ᠨᠤᠮᠤ ᠶᠢ  ᠨᠢ ᠮᠠᠭᠲᠠᠭᠰᠠᠨ ᠢᠷᠦᠭᠡᠯ ᠬᠡᠯᠡᠳᠡᠭ᠃ ᠨᠠᠰᠤᠲᠠᠶᠢᠴᠤᠳ ᠨᠢ ᠬᠡᠯᠡᠮᠦᠷᠴᠢ ᠪᠠᠷ ᠢᠷᠦᠭᠡᠯᠭᠡᠳᠡᠭ ᠴᠤ ᠪᠤᠢ᠃ ᠱᠠᠭᠠᠨᠲᠤ ᠳᠤ ᠲᠠᠩ ᠲᠤᠭ᠎ᠠ ᠲᠠᠢ ᠬᠦᠮᠦᠰ ᠬᠤᠷᠢᠮ ᠤᠨ ᠡᠮᠦᠨ᠎ᠡ ᠡᠳᠦᠷ ᠤᠷᠤᠭ ᠲᠤ ᠬᠦᠷᠴᠤ ᠨᠠᠶᠢᠷᠯᠠᠳᠠᠭ᠃ ᠱᠠᠭᠠᠨᠲᠤ ᠶᠢᠨ ᠬᠦᠮᠦᠨ ᠤ ᠲᠤᠭ᠎ᠠ ᠶᠢ ᠬᠤᠳᠠ ᠤᠷᠤᠭ ᠬᠤᠶᠠᠷ ᠲᠠᠯ᠎ᠠ ᠶᠢᠨ ᠠᠮᠢᠳᠤᠷᠠᠯ ᠤᠨ ᠪᠠᠶᠢᠳᠠᠯ ᠢᠶᠠᠨ ᠦᠵᠡᠵᠤ ᠭᠤᠷᠪᠠ᠂ ᠲᠠᠪᠤ᠂ ᠲᠤᠯᠤᠭ᠎ᠠ ᠪᠤᠶᠤ ᠭᠤᠴᠢ᠂ ᠳᠦᠴᠢ᠂ ᠲᠠᠯᠠᠨ ᠮᠤᠷᠢᠲᠠᠨ ᠤᠴᠢᠳᠠᠭ᠃ ᠵᠠᠮ ᠳᠠᠭᠠᠨ ᠠᠶᠢᠯ ᠡᠷᠦᠬᠡ ᠲᠠᠭᠠᠷᠠᠯᠳᠤᠪᠠᠯ ᠬᠤᠲᠠ ᠬᠦᠷᠢᠶ᠎ᠡ ᠶᠢ ᠨᠢ ᠬᠤᠯᠠᠭᠤᠷ ᠲᠤᠭᠤᠷᠢᠨ ᠤᠷᠳᠤ ᠶᠢᠨ ᠲᠠᠭᠤᠤ ᠠᠶᠠᠯᠠᠨ ᠤᠷᠤᠭ ᠲᠤ ᠶᠠᠪᠤᠵᠤ ᠪᠠᠶᠢᠬᠤ ᠪᠠᠨ ᠮᠡᠳᠡᠭᠳᠡᠨ᠂ ᠠᠶᠢᠯ ᠡᠷᠦᠬᠡ ᠶᠢ ᠰᠤᠴᠢᠭᠠᠬᠤ ᠦᠭᠡᠢ᠂ ᠠᠳᠤᠭᠤ ᠮᠠᠯ ᠢ ᠦᠷᠬᠦᠬᠡᠬᠦ ᠦᠭᠡᠢ ᠪᠠᠷ ᠡᠮᠬᠢ ᠵᠢᠷᠤᠮ ᠲᠠᠢ ᠶᠠᠪᠤᠳᠠᠭ᠃ ᠬᠡᠦᠬᠡᠨ ᠤ ᠭᠡᠷ ᠤᠶᠢᠷᠠᠳᠬᠤ ᠲᠠᠢ ᠵᠡᠷᠭᠡ ᠱᠠᠭᠠᠨᠲᠤ ᠶᠢᠨ ᠬᠦᠮᠦᠰ ᠬᠦᠯᠦᠭ ᠮᠤᠷᠢᠨ ᠠᠴᠠ ᠪᠠᠭᠤᠵᠤ ᠲᠦᠷ ᠠᠮᠤᠰᠬᠢᠨ᠂ ᠤᠷᠤᠭ ᠤᠨ ᠠᠮᠤᠷ ᠠᠰᠠᠭᠤᠬᠤ ᠪᠠᠷ ︵ᠦᠨᠡᠨ ᠳᠡᠭᠡᠨ ᠱᠠᠭᠠᠨᠲᠤ ᠬᠦᠷᠴᠤ ᠢᠷᠡᠭᠰᠡᠨ ᠢᠶᠠᠨ ᠮᠡᠳᠡᠭᠳᠡᠬᠦ ᠪᠠᠷ︶ ᠨᠢᠭᠡᠨ ᠮᠤᠷᠢᠲᠠᠨ ᠢ ᠶᠠᠪᠤᠭᠤᠯᠳᠠᠭ᠃ ᠠᠮᠤᠷ ᠲᠤ ᠤᠴᠢᠭᠰᠠᠨ ᠬᠦᠮᠦᠨ ᠶᠤᠰᠤ ᠤᠴᠢᠷ ᠢᠶᠠᠨ ᠰᠠᠶᠢᠬᠠᠨ ᠭᠦᠢᠴᠡᠳᠭᠡᠵᠤ᠂ ᠨᠢᠭᠡᠨ ᠵᠡᠷᠭᠡ ᠤᠷᠤᠭ ᠤᠨ ᠲᠠᠯ᠎ᠠ ᠳᠤ ᠱᠠᠯᠠᠭᠳᠠᠨ ᠳᠠᠶᠢᠯᠠᠭᠳᠠᠭᠰᠠᠨ ᠢᠶᠠᠨ ᠪᠤᠴᠠᠨ ᠢᠷᠡᠨ᠎ᠡ᠃ ᠱᠠᠭᠠᠨᠲᠤ ᠶᠢᠨ ᠬᠦᠮᠦᠰ ᠤᠷᠤᠭ ᠲᠤ ᠬᠦᠷᠦᠭᠡᠳ ᠮᠤᠷᠢᠨ ᠤᠶᠠᠭ᠎ᠠ ᠠᠴᠠ ᠤᠶᠢᠷᠠᠬᠠᠨ ᠮᠤᠷᠢᠨ ᠠᠴᠠ ᠪᠠᠭᠤᠵᠤ᠂ ᠬᠡᠯᠡᠮᠦᠷᠴᠢ ᠶᠢᠨ ᠡᠭᠦᠳᠡ ᠭᠤᠶᠤᠬᠤ ᠶᠤᠰᠤᠨ ᠢ ᠬᠦᠯᠢᠶᠡᠨ᠎ᠡ᠃     ᠡᠭᠦᠳᠡ ᠲᠠᠷᠤᠬᠤ᠄     ᠡᠷᠲᠡ ᠲᠡᠭᠡᠳᠤ  ᠳᠤ ᠮᠤᠩᠭᠤᠯᠴᠤᠳ ᠤᠷᠤᠭ ᠪᠤᠯᠢᠶᠠᠳᠠᠭ ᠵᠠᠩᠰᠢᠯ ᠲᠠᠢ ᠪᠠᠶᠢᠭᠰᠠᠨ ᠲᠤᠯᠠ ᠨᠢᠭᠡ ᠡᠳᠦᠷ ᠬᠠᠭᠤᠷᠮᠠᠭ ᠦᠨᠡᠨ ᠬᠡᠳᠦ ᠬᠡᠳᠦᠨ ᠱᠠᠭᠠᠨᠲᠤ ᠢᠷᠡᠳᠡᠭ᠃ ᠡᠶᠢᠮᠦ ᠠᠴᠠ ᠦᠨᠡᠨ ᠢ  ᠨᠢ ᠤᠯᠬᠤ ᠭᠡᠳ ᠡᠭᠦᠳᠡ ᠲᠠᠷᠤᠬᠤ ᠶᠤᠰᠤᠨ ᠡᠭᠦᠰᠴᠠᠢ᠃ ᠱᠠᠭᠠᠨᠲᠤ ᠬᠦᠷᠴᠤ ᠢᠷᠡᠬᠦ ᠲᠠᠢ ᠵᠡᠷᠭᠡ ᠬᠡᠦᠬᠡᠨ ᠤ ᠲᠠᠯ᠎ᠠ ᠶᠢᠨ ᠬᠦᠷᠢᠶᠡᠨ ᠡᠭᠦᠳᠡ ᠪᠠᠨ ᠬᠠᠭᠠᠵᠤ᠂ ᠡᠭᠦᠳᠡᠨ ᠭᠠᠳᠠᠨᠠᠬᠢ ᠵᠡᠭᠦᠨ ᠲᠠᠯ᠎ᠠ ᠳᠤ ᠲᠦᠷᠪᠡᠨ ᠪᠡᠷᠢᠶᠡᠳ ᠬᠡᠯᠡᠮᠦᠷᠴᠢ ᠲᠠᠢ ᠪᠠᠨ ᠡᠩᠨᠡᠷᠡᠨ ᠵᠤᠭᠰᠤᠳᠠᠭ᠃ ᠪᠡᠷᠢᠶᠡᠳ ᠤᠨ ᠲᠦᠷᠦᠭᠦᠦ ᠨᠢ ᠵᠠᠪᠠᠯ ᠪᠤᠷᠵᠢᠭᠢᠨ ᠤᠪᠤᠭᠲᠤ ᠪᠠᠶᠢᠳᠠᠭ᠃ ᠬᠦᠦ ᠶᠢᠨ ᠲᠠᠯ᠎ᠠ ᠶᠢᠨ ᠬᠡᠯᠡᠮᠦᠷᠴᠢ ᠠᠴᠠ᠄     ᠬᠠᠷ᠎ᠠ ᠡᠳᠦᠷ ᠢᠶᠠᠷ ᠬᠠᠭᠠᠯᠭ᠎ᠠ ᠪᠠᠨ ᠲᠠᠷᠤᠭᠠᠳ     ᠬᠠᠮᠤᠭ ᠤᠯᠠᠨ ᠢ ᠤᠷᠤᠭᠤᠯᠬᠤ ᠦᠭᠡᠢ     ᠡᠳᠦᠷ ᠢᠶᠠᠷ ᠪᠠᠶᠢᠲᠠᠯ᠎ᠠ ᠡᠭᠦᠳᠡ ᠪᠠᠨ ᠲᠠᠷᠤᠭᠠᠳ     ᠤᠯᠤᠰ ᠪᠦᠬᠦᠨ ᠢ ᠤᠷᠤᠭᠤᠯᠬᠤ ᠦᠭᠡᠢ     ᠤᠴᠢᠷ ᠶᠠᠭᠤ ᠪᠤᠯᠪᠠ︖ ᠬᠤᠳᠠ ᠬᠤᠳᠠᠭᠠᠢ ᠡ︕ ᠭᠡᠬᠦ ᠳᠤ ᠬᠡᠦᠬᠡᠨ ᠤ ᠲᠠᠯ᠎ᠠ ᠶᠢᠨ ᠬᠡᠯᠡᠮᠦᠷᠴᠢ ᠠᠴᠠ᠄     ᠠᠯᠪᠠᠨ ᠤ ᠬᠦᠮᠦᠨ ᠭᠡᠬᠦᠯᠡᠷ ᠵᠢᠩᠰᠡ ᠵᠢᠯᠠᠭ᠎ᠠ ᠦᠭᠡᠢ     ᠠᠪᠠ ᠶᠢᠨ ᠬᠦᠮᠦᠨ ᠭᠡᠬᠦᠯᠡᠷ ᠨᠤᠬᠠᠢ   ᠰᠢᠪᠠᠭᠤ ᠦᠭᠡᠢ     ᠡᠷᠢᠯ ᠤᠨ ᠬᠦᠮᠦᠨ ᠭᠡᠬᠦᠯᠡᠷ ᠰᠠᠭᠠᠳᠠᠭ ᠨᠤᠮᠤ ᠲᠠᠢ     ᠡᠷᠬᠢᠯ ᠤᠨ ᠬᠦᠮᠦᠨ ᠬᠡᠬᠦᠯᠡᠷ ᠡᠷᠢᠬᠡ ᠮᠠᠨᠢ ᠦᠭᠡᠢ᠃     ᠲᠤᠲᠤᠷ᠎ᠠ ᠠᠴᠠ ᠮᠠᠨ ᠤ ᠡᠵᠡᠨ ᠵᠠᠬᠢᠵᠦ   ᠪᠠᠶᠢᠨ᠎ᠠ     ᠤᠴᠢᠷ ᠲᠠᠢ ᠪᠤᠯ ᠤᠴᠢᠷ ᠢᠶᠠᠨ ᠬᠡᠯᠡ     ᠤᠴᠢᠷ ᠦᠭᠡᠢ ᠪᠤᠯ ᠤᠷᠭ᠎ᠠ ᠶᠢᠨ ᠲᠠᠰᠢᠭᠤᠷ ᠢᠶᠠᠷ ᠭᠤᠶᠠᠳᠠᠵᠤ       ᠤᠷᠳᠤ ᠲᠠᠯ᠎ᠠ ᠤᠷᠤᠭᠤ ᠬᠦᠭᠡᠭᠡᠵᠤ ᠶᠠᠪᠤᠭᠤᠯ ᠭᠡᠵᠤ ᠪᠠᠶᠢᠨ᠎ᠠ ᠭᠡᠬᠦ ᠳᠤ ᠬᠦᠦ ᠶᠢᠨ ᠲᠠᠯ᠎ᠠ ᠶᠢᠨ ᠬᠡᠯᠡᠮᠦᠷᠴᠢ ᠠᠴᠠ᠄     ᠨᠠᠷᠠ ᠰᠠᠷᠠ ᠬᠤᠶᠠᠷ     ᠠᠭᠠᠷ ᠲᠡᠭᠷᠢ ᠳᠤ ᠬᠤᠤᠰ     ᠨᠠᠪᠴᠢ ᠴᠡᠴᠡᠭ ᠬᠤᠶᠠᠷ     ᠠᠲᠠᠷ ᠲᠠᠯ᠎ᠠ ᠳᠤ ᠬᠤᠤᠰ     ᠬᠦᠦ ᠬᠡᠦᠬᠡᠨ ᠬᠤᠶᠠᠷ     ᠤᠷᠤᠭ ᠬᠤᠳᠠ ᠳᠠᠭᠠᠨ ᠬᠤᠤᠰ     ᠬᠤᠯᠠ ᠭᠠᠵᠠᠷ ᠠᠴᠠ ᠢᠷᠡᠭᠰᠡᠨ     ᠬᠡᠦᠬᠡᠨ ᠠᠩᠭ᠎ᠠ ᠶᠢᠨ ᠴᠢᠨᠢ   ᠱᠠᠭᠠᠨᠲᠤ ᠡ ᠭᠡᠬᠦ ᠳᠤ ᠬᠡᠦᠬᠡᠨ ᠤ ᠲᠠᠯ᠎ᠠ ᠶᠢᠨ ᠬᠡᠯᠡᠮᠦᠷᠴᠢ᠄     ᠲᠦᠷᠪᠡᠨ ᠵᠦᠭ ᠤᠨ ᠠᠯᠢ ᠵᠦᠭ ᠠᠴᠠ ᠢᠷᠡᠪᠡ︖     ᠲᠦᠴᠢ ᠶᠢᠰᠦᠨ ᠬᠤᠰᠢᠭᠤᠨ ᠤ ᠠᠯᠢ ᠬᠤᠰᠢᠭᠤᠨ ᠠᠴᠠ ᠢᠷᠡᠪᠡ︖     ᠨᠤᠲᠤᠭᠯᠠᠨ ᠰᠠᠭᠤᠭᠰᠠᠨ ᠠᠶᠢᠯ ᠴᠢᠨᠢ ᠬᠠᠮᠢᠭ᠎ᠠ ᠪᠠᠶᠢᠭ᠎ᠠ ᠪᠤᠢ︖     ᠲᠠᠭᠠᠯᠠᠨ ᠲᠡᠵᠢᠭᠡᠭᠰᠡᠨ ᠠᠪᠤ ᠴᠢᠨᠢ ᠬᠡᠨ ᠪᠤᠢ︖     ᠲᠦᠷᠦᠬᠦᠯᠦᠨ ᠢᠷᠡᠭᠰᠡᠨ ᠨᠤᠶᠠᠨ ᠴᠢᠨᠢ ᠬᠡᠨ ᠪᠤᠢ  ︖     ᠲᠦᠰᠢᠮᠡᠯ ᠪᠤᠯᠤᠭᠰᠠᠨ ᠬᠤᠳᠠ ᠨᠢ ᠬᠡᠨ ᠪᠤᠢ︖     ᠲᠡᠳᠭᠦᠨ ᠲᠠᠭᠠᠭᠰᠠᠨ ᠬᠦᠦ ᠨᠢ ᠬᠡᠨ ᠪᠤᠢ︖     ᠰᠦᠢ ᠨᠡᠬᠡᠬᠦ ᠠᠩᠭ᠎ᠠ ᠶᠢᠨ ᠨᠡᠷ᠎ᠡ ᠭᠡᠨ ᠪᠤᠢ︖ ᠭᠡᠬᠦ ᠳᠤ᠂ ᠬᠦᠦ ᠶᠢᠨ ᠲᠠᠯ᠎ᠠ ᠶᠢᠨ ᠬᠡᠯᠡᠮᠦᠷᠴᠢ᠄     ᠲᠦᠷᠪᠡᠨ ᠶᠡᠭᠡ ᠵᠦᠭ ᠤᠨ ᠡᠮᠦᠨ᠎ᠡ ᠵᠦᠭ ᠠᠴᠠ     ᠲᠦᠴᠢ ᠶᠢᠰᠦᠨ ᠬᠤᠰᠢᠭᠤᠨ ᠤ ᠨᠠᠢᠮᠠᠨ ᠬᠤᠰᠢᠭᠤ ᠠᠴᠠ     ᠲᠦᠷᠦᠵᠤ ᠦᠰᠦᠭᠰᠡᠨ ᠠᠶᠢᠯ ᠨᠢ × ×     ᠲᠠᠭᠠᠯᠠᠨ ᠦᠰᠭᠡᠭᠰᠡᠨ ᠠᠪᠤ ᠨᠢ × ×     ᠲᠡᠷᠢᠭᠦᠯᠡᠨ ᠢᠷᠡᠭᠰᠡᠨ ᠨᠤᠶᠠᠨ ᠨᠢ × ×     ᠲᠦᠰᠢᠮᠡᠯ ᠪᠤᠯᠤᠭᠰᠠᠨ ᠬᠤᠳᠠ ᠨᠢ × ×     ᠲᠡᠳᠭᠦᠨ ᠲᠠᠭᠠᠬᠤ ᠬᠦᠦ ᠨᠢ × ×     ᠰᠦᠢ ᠨᠡᠬᠡᠬᠦ ᠬᠦᠦ ᠶᠢᠨ ᠨᠡᠷ᠎ᠡ × ×     ᠪᠤᠭᠳᠠ ᠴᠢᠩᠭᠢᠰ ᠠᠴᠠ ᠲᠤᠭᠲᠠᠭᠰᠠᠨ     ᠪᠤᠯᠳᠤ ᠮᠤᠩᠭᠤᠯ ᠤᠨ ᠵᠠᠩ ᠤᠶᠢᠯᠡ     ᠬᠦᠦ ᠲᠦᠷᠦᠪᠡᠯ ᠬᠦᠷ ᠦᠵᠡᠨ᠎ᠡ᠂     ᠬᠡᠦᠬᠡᠨ ᠲᠦᠷᠦᠪᠡᠯ ᠨᠠᠶᠢᠷ ᠦᠵᠡᠨ᠎ᠡ᠂     ᠬᠤᠳᠠ ᠬᠤᠳᠠᠭᠠᠢ ᠡ᠂ ᠡᠭᠦᠳᠡ ᠪᠠᠨ ᠨᠡᠭᠡᠭᠡᠴᠢ ᠭᠡᠳᠡᠭ᠃     ᠪᠡᠷᠢᠶᠡᠳ ᠲᠤ ᠭᠠᠷᠬᠤ᠄     ᠬᠡᠦᠬᠡᠨ ᠤ ᠲᠠᠯ᠎ᠠ ᠶᠢᠨ ᠬᠦᠷᠢᠶᠡᠨ ᠡᠭᠦᠳᠡᠨ ᠳᠤ ᠲᠦᠷᠪᠡᠨ ᠪᠡᠷᠢᠶᠡᠳ ᠵᠤᠭᠰᠤᠵᠤ ᠪᠠᠶᠢᠬᠤ ᠶᠢ ᠪᠡᠷᠢᠶᠡᠳ ᠲᠤ ᠭᠠᠷᠬᠤ ᠭᠡᠳᠡᠭ᠃ ᠦᠨᠦᠬᠢ ᠲᠦᠷᠪᠡᠨ ᠪᠡᠷᠢᠶᠡᠳ ᠨᠢ ᠦᠭᠡ ᠬᠡᠯᠡᠨ ᠳᠡᠭᠡᠨ ᠨᠡᠯᠢᠶᠡᠳ ᠰᠠᠶᠢᠨ ᠪᠠᠶᠢᠵᠤ᠂ ᠬᠡᠯᠡᠮᠦᠷᠴᠢ ᠶᠢ ᠬᠠᠮᠵᠢᠨ ᠰᠢᠨ᠎ᠡ ᠬᠦᠷᠭᠡᠨ ᠤ ᠲᠠᠯ᠎ᠠ ᠶᠢ ᠦᠭᠡ ᠪᠠᠷ ᠬᠤᠨᠵᠢᠨ ᠭᠠᠴᠢᠳᠠᠭ᠃ ᠬᠡᠦᠬᠡᠨ ᠤ ᠲᠠᠯ᠎ᠠ ᠶᠢᠨ ᠬᠤᠷᠢᠮ ᠮᠡᠳᠡᠭᠴᠢ ᠠᠴᠠ᠄ ︽ᠵᠠ᠂ ᠤᠳᠤ ᠮᠡᠳᠡᠯ᠎ᠡ᠃ ᠬᠡᠦᠬᠡᠳ ᠡ᠂ ᠬᠤᠷᠳᠤᠨ ᠰᠢᠷᠡᠭᠡ ᠠᠪᠴᠢᠷᠠ︾ ᠭᠡᠬᠦ ᠳᠤ ᠵᠠᠷᠤᠴᠠ ᠬᠡᠦᠬᠡᠳ ᠲᠦᠷᠪᠡᠨ ᠪᠡᠷᠢᠶᠡᠳ ᠤᠨ ᠡᠮᠦᠨ᠎ᠡ ᠰᠢᠷᠡᠭᠡ ᠠᠪᠴᠢᠷᠠᠵᠤ ᠲᠠᠯᠪᠢᠨ᠎ᠠ᠃ ᠬᠦᠦ ᠶᠢᠨ ᠲᠠᠯ᠎ᠠ ᠶᠢᠨ ᠬᠡᠯᠡᠮᠦᠷᠴᠢ ᠂ ᠲᠠᠭᠠᠭᠰᠠᠳ ᠠᠴᠠ ᠪᠡᠷᠢᠶᠡᠳ ᠤᠨ ᠰᠢᠷᠡᠭᠡᠨ ᠲᠡᠭᠡᠷ᠎ᠡ ᠬᠠᠳᠠᠭ᠂ ᠤᠭᠤᠴᠠ᠂ ᠡᠪᠴᠢᠭᠦᠦ ᠶᠢᠨ ᠠᠯᠢ ᠨᠢᠭᠡ ᠶᠢ ᠨᠢ ᠬᠤᠪᠢᠩᠲᠤ ᠠᠷᠢᠬᠢ ᠬᠤᠤᠰ᠂ ᠴᠠᠭᠠᠨ ᠴᠠᠭᠠᠰᠤᠨ ᠪᠤᠭᠤᠳᠠᠯᠲᠤ ᠪᠠᠯᠡᠭ ᠬᠤᠤᠰ ᠲᠠᠢ ᠬᠠᠮᠲᠤ ᠲᠠᠯᠪᠢᠨ ᠪᠡᠷᠢᠶᠡᠳ ᠲᠤ ᠠᠷᠢᠬᠢ ᠬᠠᠳᠠᠭ ᠢ ᠰᠦᠬᠦᠷᠡᠨ ᠪᠠᠷᠢᠨ᠎ᠠ᠃ ᠡᠨᠡ ᠦᠶ᠎ᠡ ᠳᠤ ᠪᠡᠷᠢᠶᠡᠳ ᠶᠡᠭᠡᠳᠡ ᠰᠤᠷᠲᠤᠭᠤᠯᠠᠨ ᠠᠷᠢᠬᠢ ᠶᠢ ᠰᠠᠶᠢᠬᠠᠨ ᠪᠠᠷᠢᠭᠰᠠᠨ ᠦᠭᠡᠢ᠂ ᠰᠦᠬᠦᠷᠡᠭᠰᠡᠨ ᠴᠢᠨᠢ ᠬᠢᠷᠢ ᠬᠦᠷᠬᠦ ᠦᠭᠡᠢ ᠭᠡᠵᠤ ᠲᠠᠬᠢᠨ ᠲᠠᠬᠢᠨ ᠪᠠᠷᠢᠭᠤᠯᠵᠤ᠂ ᠰᠦᠬᠦᠷᠡᠭᠦᠯᠦᠨ ᠱᠤᠤᠯᠠᠳᠠᠭ᠃ ᠪᠠᠶᠠᠳ ᠨᠤᠶᠠᠳ ᠪᠤᠯᠪᠠᠰᠤ ᠲᠦᠷᠦᠬᠦᠦ ᠨᠤᠶᠠᠨ ᠠᠴᠠ ᠪᠡᠷᠢᠶᠡᠳ ᠲᠤ ᠰᠢᠭᠤᠳ ᠰᠤᠮᠤᠨ ᠪᠡᠯᠡᠭ ᠲᠤ ᠮᠤᠷᠢ᠂ ᠬᠤᠨᠢ ᠭᠡᠵᠤ ᠱᠠᠩᠨᠠᠳᠠᠭ᠃ ᠡᠭᠦᠨ ᠢ ᠲᠦᠷᠪᠡᠨ ᠪᠡᠷᠢᠶᠡᠳ ᠬᠤᠪᠢᠶᠠᠨ ᠠᠪᠳᠠᠭ᠃ ᠪᠡᠷᠢᠶᠡᠳ ᠠᠷᠢᠬᠢ ᠲᠤᠰᠤᠮᠡᠭ᠌ᠴᠠ ᠬᠤᠷᠢᠮ ᠤᠨ ᠲᠠᠭᠠᠭᠠᠮᠠᠯ ᠠᠴᠠ ᠬᠠᠭᠤᠷᠮᠠᠭ ᠢᠶᠠᠷ ᠵᠠᠷᠤᠴᠠ ᠬᠡᠦᠬᠡᠳ ᠢ ᠠᠭᠤᠷᠯᠠᠨ ᠵᠠᠩᠳᠤᠷᠴᠤ᠄ ︽ᠬᠡᠦᠬᠡᠳ ᠡ᠂ ᠤᠷᠤᠭ ᠢᠷᠡᠭᠰᠡᠨ ᠪᠠᠶᠢᠬᠤ ᠳᠤ ᠬᠠᠭᠠᠯᠭ᠎ᠠ ᠡᠭᠦᠳᠡ ᠪᠠᠨ ᠨᠡᠭᠡᠭᠡᠬᠦ ᠦᠭᠡᠢ ᠶᠠᠭᠤ ᠬᠢᠵᠤ ᠪᠠᠶᠢᠨ᠎ᠠ᠃ ᠬᠤᠷᠳᠤᠨ ᠨᠡᠭᠡᠭᠡ᠂ ᠤᠷᠤᠭ ᠢ ᠤᠭᠲᠤ︕︾ ᠭᠡᠳ ᠯᠡ ᠤᠯᠠᠨ ᠢᠶᠠᠨ ᠲᠠᠭᠠᠭᠤᠯᠤᠨ᠂ ᠱᠠᠭᠠᠨᠲᠤ ᠶᠢᠨ ᠮᠤᠷᠢᠳ ᠢ ᠠᠪᠤᠨ᠄ ︽ᠤᠷᠤᠭ ᠲᠤᠳᠤᠭᠰᠢ ᠪᠠᠨ︕︾ ᠭᠡᠵᠤ ᠶᠡᠬᠡᠯ᠎ᠡ ᠬᠠᠯᠠᠭᠤᠮᠰᠤᠭ ᠪᠠᠷᠬᠢᠷᠠᠳᠠᠭ᠃     ᠱᠠᠭᠠᠨᠲᠤ ᠳᠤ ᠤᠴᠢᠭᠰᠠᠨ ᠲᠦᠷᠦᠬᠦᠦ ᠨᠤᠶᠠᠨ ᠬᠦᠦ ᠪᠠᠨ ᠲᠠᠭᠠᠭᠤᠯᠤᠨ ᠬᠡᠦᠬᠡᠨ ᠤ ᠪᠤᠷᠬᠠᠨ ᠳᠤ ᠰᠢᠭᠦᠰᠦ ᠲᠠᠯᠪᠢᠨ᠎ᠠ᠃ ᠪᠤᠷᠬᠠᠨ ᠵᠤᠯᠠ ᠳᠤᠨᠢ ᠰᠢᠷ᠎ᠠ ᠲᠤᠰᠤ ᠨᠡᠮᠡᠨ᠂ ᠬᠠᠳᠠᠭ ᠲᠠᠲᠠᠨ ᠠᠷᠢᠬᠢ ᠰᠠᠴᠤᠯᠠᠨ ᠮᠦᠷᠭᠦᠨ᠎ᠡ᠃ ᠬᠦᠦ ᠲᠠᠯ᠎ᠠ ᠶᠢᠨ ᠬᠡᠯᠡᠮᠦᠷᠴᠢ ᠠᠴᠠ :     ᠠᠮᠠᠲᠤ   ᠬᠠᠳᠠᠭ ᠠᠷᠠᠵᠨ ᠶᠢᠨ ᠲᠡᠭᠡᠳᠦ ᠨᠢᠭᠡ ᠶᠢᠰᠤ     ᠠᠷᠲᠠᠢ ᠲᠤᠷᠭ᠎ᠠ ᠠᠷᠢᠭᠤᠨ ᠪᠡᠯᠡᠭ ᠨᠢᠭᠡ ᠶᠢᠰᠤ     ᠰᠠᠭᠠᠷᠠᠯ ᠮᠤᠷᠢ ᠱᠠᠫᠢ ᠡᠮᠡᠭᠡᠯ ᠲᠠᠢ ᠨᠢᠭᠡ ᠶᠢᠰᠤ     ᠴᠠᠭᠠᠨ ᠲᠡᠮᠡᠭᠡ ᠮᠦᠩᠬᠦᠨ ᠪᠤᠶᠢᠯᠠ ᠲᠠᠢ ᠨᠢᠭᠡ ᠶᠢᠰᠤ       ᠰᠡᠷᠭᠡ ᠢᠷᠭᠡ ᠬᠤᠨᠢ ᠢᠮᠠᠭ᠎ᠠ ᠨᠢᠭᠡ ᠶᠢᠰᠤ     ᠰᠢᠷᠠᠭᠴᠢ ᠭᠡᠭᠦᠦ ᠶᠢ ᠰᠠᠷᠪᠠ ᠳᠠᠭᠠᠭᠤᠯᠤᠨ ᠨᠢᠭᠡ ᠶᠢᠰᠤ     ᠬᠦᠷᠡᠭᠴᠢ ᠦᠨᠢᠶ᠎ᠡ ᠶᠢ ᠲᠤᠭᠤᠯ ᠳᠠᠭᠠᠭᠤᠯᠤᠨ ᠨᠢᠭᠡ ᠶᠢᠰᠤ     ᠬᠡᠰᠡᠭ ᠲᠠᠢ ᠮᠦᠩᠭᠦ‍ ᠨᠢᠭᠡ ᠶᠢᠰᠤ     ᠭᠡᠪᠲᠤ ᠠᠯᠲᠠ ᠨᠢᠭᠡ   ᠶᠢᠰᠤ     ᠶᠢᠰᠤ ᠶᠢᠰᠤ ᠨᠠᠶᠠᠨ ᠨᠢᠭᠡᠨ ᠪᠡᠯᠡᠭ ᠡᠷᠭᠦᠪᠡᠢ᠂     ᠬᠦᠷᠭᠡᠨ ᠦᠷ᠎ᠡ ᠪᠠᠨ ᠲᠠᠨᠢᠵᠤ ᠠᠪᠤᠭᠠᠰᠠᠢ ᠭᠡᠵᠤ ᠠᠮᠠᠨ ᠪᠡᠯᠡᠭ ᠮᠡᠳᠡᠭᠦᠯᠳᠡᠭ᠃ ᠲᠠᠷᠠᠭ᠎ᠠ ᠨᠢ ᠬᠤᠶᠠᠷ ᠲᠠᠯ᠎ᠠ ᠶᠢᠨ ᠬᠤᠷᠢᠮ ᠮᠡᠳᠡᠭᠴᠢ ᠲᠠᠨᠢᠯᠴᠠᠨ ᠬᠠᠷᠢᠯᠴᠠᠨ ᠵᠦᠪᠯᠡᠨ ᠭᠡᠷᠭᠡᠮ ᠵᠡᠷᠭᠡ᠂ ᠦᠶ᠎ᠡ ᠲᠡᠰ ᠢᠯᠭᠠᠨ ᠰᠢᠷᠡᠭᠡ ᠳᠤᠬᠢᠷᠠᠭᠤᠯᠳᠠᠭ᠃ ᠨᠠᠶᠢᠷ ᠡᠬᠢᠯᠡᠭᠡᠳ ᠬᠡᠦᠬᠡᠨ ᠤ ᠲᠠᠯ᠎ᠠ ᠶᠢᠨ ᠰᠢᠷᠡᠭᠡᠨ ᠮᠡᠳᠡᠭᠦᠯᠦᠯᠲᠡ ᠲᠡᠭᠦᠰᠦᠭᠰᠡᠨ ᠤ ᠲᠠᠷᠠᠭ᠎ᠠ ᠬᠦᠦ ᠶᠢᠨ ᠲᠠᠯ᠎ᠠ ᠶᠢᠨ ᠬᠢᠨ ᠪᠤᠲᠤᠩᠲᠤ ᠠᠷᠢᠬᠢ ᠭᠠᠷᠭᠠᠨ᠄ ︽ᠵᠠ︕ ᠡᠨᠡ ᠡᠳᠦᠷ ᠬᠤᠶᠠᠷ ᠬᠠᠷᠢ ᠨᠢᠭᠡ ᠲᠦᠷᠦ ᠪᠤᠯᠵᠠᠢ᠂ ᠬᠤᠳᠠ ᠤᠷᠤᠭ ᠰᠠᠩ ᠨᠡᠶᠢᠯᠡᠭᠦᠯᠵᠤ ᠪᠠᠶᠢᠨ᠎ᠠ᠃ ᠬᠤᠲᠠᠯᠠ ᠤᠯᠠᠨ ᠨᠠᠶᠢᠷᠯᠠᠨ ᠵᠢᠷᠭᠠᠬᠤ ᠪᠤᠯᠳᠤᠭᠠᠢ︾ ᠭᠡᠵᠤ ᠰᠠᠩ ᠨᠡᠶᠢᠯᠡᠭᠦᠯᠦᠨ᠎ᠡ᠃     ᠬᠤᠷᠢᠮ ᠨᠠᠶᠢᠷ ᠶᠠᠪᠤᠬᠤ ᠲᠤᠳᠤᠮ ᠤᠯᠠᠮ ᠬᠦᠷ ᠬᠦᠭᠵᠢᠶᠡᠨ ᠲᠠᠢ ᠪᠤᠯᠵᠤ ᠲᠦᠷᠦ ᠶᠢᠨ ᠲᠠᠭᠤᠤ ᠲᠠᠭᠤᠯᠠᠵᠤ ᠪᠠᠶᠢᠭᠰᠠᠨ ᠠᠴᠠ ᠪᠠᠨ ᠨᠠᠶᠢᠷ ᠤᠨ ᠲᠠᠭᠤᠤ᠂ ᠱᠤᠭ ᠲᠠᠭᠤᠤ᠂ ᠢᠨᠠᠭ ᠬᠠᠶᠢᠷ᠎ᠠ ᠶᠢᠨ ᠲᠠᠭᠤᠤ᠂ ᠦᠯᠢᠭᠡᠷᠲᠤ ᠲᠠᠭᠤᠤ ᠶᠢ ᠬᠤᠳᠠ ᠤᠷᠤᠭ ᠬᠤᠶᠠᠷ ᠲᠠᠯ᠎ᠠ ᠶᠢᠨ ᠲᠠᠭᠤᠴᠢᠳ ᠮᠦᠴᠡᠭᠡᠷᠭᠡᠨ ᠲᠠᠭᠤᠯᠠᠳᠠᠭ᠃ ᠬᠤᠶᠠᠷ ᠲᠠᠯ᠎ᠠ ᠠᠴᠠ ᠨᠦᠬᠦᠭᠡ ᠲᠠᠯ᠎ᠠ ᠶᠢᠨ ᠲᠠᠭᠤᠴᠢᠳ ᠲᠠᠭᠠᠨ ᠱᠠᠩ ᠬᠦᠷᠲᠡᠭᠡᠳᠡᠭ᠃ ᠱᠠᠩᠨᠠᠯ ᠳᠤ ᠠᠮᠠᠨ ᠢᠷᠦᠭᠡᠳᠦ ᠶᠢᠨ ᠱᠠᠩ ᠪᠠ ᠡᠳ᠋ ᠪᠤᠳᠠᠰ ᠤᠨ ᠱᠠᠩ ᠭᠡᠵᠤ ᠪᠠᠶᠢᠳᠠᠭ᠃ ᠪᠤᠳᠠᠰ ᠤᠨ ᠱᠠᠩ ᠳᠤ ᠰᠠᠮᠪᠠᠢ ᠬᠠᠳᠠᠭ᠂ ᠵᠠᠶᠢᠷ ᠮᠦᠩᠭᠦ᠂ ᠲᠤᠷᠭ᠎ᠠ ᠲᠤᠷᠳᠤᠩ᠂ ᠬᠤᠨᠢ᠂ ᠪᠤᠳᠠ᠂ ᠮᠤᠷᠢ ᠦᠭᠳᠡᠭ᠃ ᠲᠤᠬᠠᠢ ᠶᠢᠨ ᠦᠶ᠎ᠡ ᠳᠤ ᠠᠶᠢᠯ ᠡᠷᠦᠬᠡ ᠴᠦᠬᠡᠨ ᠲᠤᠯᠠ ᠱᠠᠭᠠᠨᠲᠤ ᠲᠠᠪᠤᠨ ᠬᠦᠮᠦᠨ ᠠᠴᠠ ᠳᠡᠭᠡᠭᠰᠢ ᠶᠠᠪᠤᠭᠰᠠᠭᠠᠷ ᠦᠪᠡᠷ ᠲᠡᠭᠡᠨ ᠴᠡᠴᠡᠷ ᠮᠠᠶᠢᠬᠠᠨ᠂ ᠵᠠᠷᠤᠳᠠᠯ ᠤᠨ ᠮᠠᠯ ᠬᠤᠨᠢ ᠪᠠᠨ ᠠᠪᠴᠤ ᠶᠠᠪᠤᠳᠠᠭ᠃ ᠤᠷᠤᠭ ᠲᠤ ᠨᠢᠭᠡ ᠬᠤᠨᠤᠭᠠᠳ ᠪᠤᠴᠠᠵᠤ ᠢᠷᠡᠲᠡᠯ᠎ᠡ ᠤᠷᠤᠭ ᠤᠨ ᠲᠠᠯ᠎ᠠ ᠳᠤ ᠨᠢᠭᠡ ᠯᠡ ᠤᠳᠠᠭ᠎ᠠ ᠰᠢᠷᠡᠭᠡᠨ ᠳᠤ ᠰᠠᠭᠤᠳᠠᠭ᠃ ᠪᠤᠰᠤᠳ ᠡᠷᠢᠨ ᠤ ᠬᠤᠭᠤᠯᠠ ᠤᠮᠳᠠ ᠶᠢ ᠪᠦᠷ ᠦᠪᠡᠷ ᠤᠨ ᠴᠡᠴᠡᠷ ᠲᠡᠭᠡᠨ ᠢᠳᠡᠳᠡᠭ᠃ ᠭᠡᠪᠡᠴᠤ ᠲᠦᠷᠦᠬᠦᠦ ᠨᠤᠶᠠᠨ᠂ ᠲᠦᠷᠦᠬᠦᠦ ᠲᠦᠰᠢᠮᠡᠯ ᠤᠨ ᠰᠢᠷᠡᠭᠡ ᠲᠠᠷᠬᠠᠯ ᠦᠭᠡᠢ ᠰᠦᠨᠢ ᠬᠠᠭᠠᠰ ᠪᠤᠯᠲᠠᠯ᠎ᠠ ᠬᠤᠷᠢᠮ ᠦᠷᠬᠦᠯᠵᠢᠯᠡᠳᠡᠭ᠃ ᠡᠭᠦᠨ ᠢ ᠦᠨᠵᠢᠬᠦ ᠭᠡᠨ᠎ᠡ᠃ ᠬᠤᠷᠢᠮ ᠤᠨ ᠲᠠᠭᠠᠭᠠᠮᠠᠯ ᠠᠴᠠ ᠬᠦᠷᠭᠡᠨ ᠬᠤᠪᠴᠠᠯᠠᠬᠤ ᠪᠤᠯᠵᠠᠢ ᠭᠡᠪᠡᠯ ᠰᠠᠶ᠋ᠢ ᠰᠢᠷᠡᠭᠡ ᠬᠤᠷᠢᠶᠠᠵᠤ ᠬᠦᠲᠦᠯ ᠳᠡᠭᠡᠨ ᠪᠤᠴᠠᠨ᠎ᠠ᠃ ᠬᠦᠲᠦᠯ ᠭᠡᠵᠤ ᠤᠷᠤᠭ ᠤᠨ ᠲᠠᠯ᠎ᠠ ᠠᠴᠠ ᠲᠦᠷᠦᠬᠦᠦ ᠨᠤᠶᠠᠨ᠂ ᠲᠦᠷᠦᠬᠦᠦ ᠲᠦᠰᠢᠮᠡᠯ ᠳᠤ ᠲᠤᠬᠢᠷᠠᠭᠤᠯᠤᠭᠰᠠᠨ ᠭᠡᠷ ᠤᠷᠤᠨ᠃ ᠤᠷᠤᠭ ᠤᠨ ᠲᠠᠯ᠎ᠠ ᠠᠴᠠ ᠰᠢᠷᠠᠭᠰᠠᠨ ᠮᠢᠬ᠎ᠠ᠂ ᠰᠢᠯᠲᠤ ᠠᠷᠢᠬᠢ ᠶᠢ ᠬᠦᠲᠦᠯ ᠤᠨ ᠭᠡᠷ ᠲᠤ ᠬᠦᠷᠭᠡᠳᠡᠭ᠃ ᠡᠭᠦᠨ ᠢ ᠵᠠᠪᠠᠯ ᠲᠠᠬᠢᠨ ᠰᠢᠷᠠᠵᠤ ᠦᠨᠦᠷ ᠭᠠᠷᠭᠠᠬᠤ ᠬᠡᠷᠡᠭᠲᠡᠢ ᠭᠡᠨ᠎ᠡ᠃ ᠤᠴᠢᠷ ᠨᠢ ᠬᠤᠷᠢᠮ ᠨᠠᠶᠢᠷ ᠢ ᠦᠯᠦᠨ ᠴᠢᠳᠭᠦᠷ ᠲᠠᠭᠠᠵᠤ ᠪᠠᠶᠢᠳᠠᠭ ᠲᠤᠯᠠ ᠲᠡᠳᠡᠨ ᠳᠤ ᠦᠭᠴᠦ᠂ ᠬᠤᠷᠢᠮ   ᠲᠦᠷᠦ ᠶᠢᠨ ᠭᠠᠢ ᠪᠠᠷᠴᠢᠳ ᠢ ᠠᠷᠢᠯᠭᠠᠬᠤ ᠭᠡᠳᠡᠭ᠃     ᠬᠦᠷᠭᠡᠨ ᠬᠤᠪᠴᠠᠰᠤᠯᠠᠬᠤ᠄     ᠰᠢᠨ᠎ᠡ ᠬᠦᠷᠭᠡᠨ ᠪᠠ ᠬᠦᠷᠭᠡᠨ ᠲᠠᠭᠠᠭᠰᠠᠨ ᠬᠦᠦ ᠶᠢ ᠬᠡᠦᠬᠡᠨ ᠤ ᠭᠡᠷ ᠲᠤ ᠤᠷᠤᠭᠤᠯᠵᠤ᠂ ᠬᠡᠦᠬᠡᠨ ᠤ ᠡᠮᠦᠨ᠎ᠡ ᠰᠠᠭᠤᠭᠰᠠᠨ ᠪᠡᠷᠢᠶᠡᠳ ᠦᠬᠢᠳ ᠲᠤ ᠬᠦᠬᠦᠷ ᠪᠠᠷᠢᠭᠤᠯᠤᠨ᠎ᠠ᠃ ᠬᠡᠦᠬᠡᠨ ᠤ ᠡᠮᠦᠨ᠎ᠡ ᠰᠠᠭᠤᠭᠰᠠᠨ ᠪᠡᠷᠢᠶᠡᠳ ᠦᠬᠢᠳ ᠬᠦᠬᠦᠷ ᠢ ᠮᠠᠭᠤᠬᠠᠢ ᠪᠠᠷᠢᠯ᠎ᠠ᠂ ᠰᠠᠶᠢᠬᠠᠨ ᠪᠠᠷᠢᠭᠰᠠᠨ ᠦᠭᠡᠢ ᠭᠡᠵᠤ ᠲᠠᠬᠢᠨ ᠲᠠᠬᠢᠨ ᠰᠦᠬᠦᠷᠦᠭᠦᠯᠦᠨ᠂ ᠬᠠᠲᠠᠭᠤ ᠰᠢᠷᠦᠭᠦᠨ ᠦᠭᠡ ᠪᠠᠷ ᠱᠤᠭᠯᠠᠨ ᠰᠢᠨ᠎ᠡ ᠬᠦᠷᠭᠡᠨ ᠢ ᠬᠦᠯᠦᠰᠤ ᠭᠠᠷᠲᠠᠯ᠎ᠠ ᠰᠠᠡᠳᠤᠷᠭᠠᠳᠠᠭ᠃ ᠲᠠᠷᠠᠭ᠎ᠠ ᠨᠢ ᠴᠠᠭᠠᠨ ᠢᠰᠡᠭᠡᠢ ᠲᠡᠭᠡᠷ᠎ᠡ ᠮᠤᠩᠭᠤᠯ ᠪᠤᠳᠠᠭ᠎ᠠ  ᠪᠤᠶᠤ ᠲᠤᠲᠤᠷᠭ᠎ᠠ ᠪᠠᠷ ᠬᠠᠰ ᠲᠠᠮᠠᠭ᠎ᠠ ᠴᠢᠳᠬᠤᠨ ᠰᠢᠨ᠎ᠡ ᠬᠦᠷᠭᠡᠨ ᠢ ᠵᠠᠯᠠᠨ ᠰᠠᠭᠤᠯᠭᠠᠵᠤ᠂ ᠬᠦᠷᠭᠡᠨ ᠬᠤᠪᠴᠠᠯᠠᠬᠤ ᠬᠤᠶᠠᠷ ᠪᠡᠷᠭᠡᠨ ᠠᠴᠠ ᠰᠢᠨ᠎ᠡ ᠬᠦᠷᠭᠡᠨ ᠤ ᠮᠠᠯᠠᠭᠠᠢ ᠶᠢ   ᠲᠡᠭᠡᠭᠰᠢ ᠡᠷᠭᠦᠰᠬᠢᠨ᠎ᠡ᠃ ᠡᠨᠡ ᠦᠶ᠎ᠡ ᠳᠤ ᠬᠦᠷᠭᠡᠨ ᠲᠠᠭᠠᠭᠰᠠᠨ ᠬᠦᠦ ᠬᠦᠷᠭᠡᠨ ᠤ ᠮᠠᠯᠠᠭᠠᠢ ᠶᠢ ᠠᠪᠴᠤ ᠲᠠᠯᠪᠢᠨ᠎ᠠ᠃ ᠪᠡᠷᠭᠡᠨ ᠠᠴᠠ ᠰᠢᠨ᠎ᠡ ᠬᠦᠷᠭᠡᠨ ᠤ ᠵᠠᠭᠠᠮ᠎ᠠ ᠶᠢᠨ ᠲᠤᠪᠴᠢ ᠶᠢ ᠲᠠᠶᠢᠯᠠᠬᠤ ᠳᠤ ᠬᠦᠷᠭᠡᠨ ᠲᠠᠭᠠᠭᠰᠠᠨ ᠬᠦᠦ ᠬᠦᠷᠭᠡᠨ ᠤ ᠤᠤᠵᠢ᠂ ᠲᠡᠷᠯᠢᠭ ᠢ ᠲᠠᠶᠢᠯᠤᠨ ᠠᠪᠤᠨ᠎ᠠ᠃ ᠪᠡᠷᠭᠡᠨ᠂ ᠬᠦᠷᠭᠡᠨ ᠤ ᠪᠦᠰᠡ ᠶᠢ ᠠᠯᠳᠠᠷᠠᠭᠠᠬᠤ ᠶᠢᠨ ᠳᠠᠭᠠᠤ ᠬᠡᠦᠬᠡᠨ ᠲᠠᠯ᠎ᠠ ᠶᠢᠨ ᠲᠡᠭᠦᠦ ᠨᠠᠷ ᠰᠢᠨ᠎ᠡ ᠬᠦᠷᠭᠡᠨ ᠤ ᠰᠢᠭᠤᠳᠠᠢ ᠶᠢ ᠪᠤᠯᠢᠶᠠᠨ᠎ᠠ᠃ ᠬᠡᠦᠬᠡᠳ ᠲᠤ ᠪᠤᠯᠢᠶᠠᠭᠳᠠᠪᠠᠯ ᠰᠢᠬᠢᠷ ᠦᠭᠴᠦ ᠠᠪᠤᠨ᠎ᠠ᠃ ᠪᠡᠷᠭᠡᠨ ᠠᠴᠠ ᠰᠢᠨ᠎ᠡ ᠬᠦᠷᠭᠡᠨ ᠤ ᠭᠤᠲᠤᠯ ᠢ ᠲᠠᠶᠢᠯᠠᠬᠤ ᠳᠤ ᠰᠢᠨ᠎ᠡ ᠬᠦᠷᠭᠡᠨ ᠲᠦᠷᠦᠬᠦᠨ ᠤ ᠰᠦᠬᠦᠷᠡᠬᠦᠯᠦᠭᠰᠡᠨ ᠬᠠᠷᠢᠭᠤ ᠪᠠᠨ ᠠᠪᠬᠤ ᠪᠠᠷ ᠬᠦᠯ ᠢᠶᠠᠨ ᠡᠷᠲᠡᠶᠢᠯᠭᠡᠨ ᠪᠡᠷᠭᠡᠨ ᠢ ᠭᠠᠴᠢᠬᠤ ᠳᠤ ᠬᠦᠷᠭᠡᠨ ᠲᠠᠭᠠᠭᠰᠠᠨ ᠬᠦᠦ᠄ ︽ᠪᠦᠳᠦᠭᠦᠨ ᠡᠪᠡᠰᠦᠨ ᠳᠤ ᠪᠦᠳᠦᠷᠢᠵᠤ᠂ ᠨᠠᠷᠢᠨ ᠡᠪᠡᠰᠦᠨ ᠳᠤ ᠨᠠᠶᠢᠭᠤᠵᠤ ᠪᠠᠶᠢᠭᠠᠳ ᠰᠢᠨ᠎ᠡ ᠬᠦᠷᠭᠡᠨ ᠤ ᠬᠦᠯ ᠢ ᠲᠡᠪᠡᠷᠢᠭᠡᠳ ᠲᠠᠯᠪᠢᠬᠤ ᠦᠭᠡᠢ ᠨᠢ ᠶᠠᠭᠤ ᠪᠤᠢ︕︾ ᠭᠡᠵᠤ ᠱᠤᠭᠯᠠᠳᠠᠭ᠃ ᠲᠡᠷᠡ ᠦᠶ᠎ᠡ ᠳᠤ ᠦᠮᠦᠳᠦ ᠡᠮᠦᠰᠦᠬᠦᠯᠬᠦ ᠦᠭᠡᠢ᠂ ᠦᠮᠦᠳᠦ ᠶᠢᠨ ᠭᠠᠳᠠᠭᠤᠷ ᠲᠤᠤᠬᠤ ᠡᠮᠦᠰᠭᠡᠳᠡᠭ᠃ ᠬᠦᠷᠭᠡᠨ ᠲᠠᠭᠠᠭᠰᠠᠨ ᠬᠦᠦ ᠳᠤ ᠡᠮ᠎ᠡ ᠰᠢᠭᠤᠳᠠᠢ ᠨᠢᠭᠡ ᠶᠢ ᠪᠡᠯᠡᠭᠯᠡᠳᠡᠭ᠃   ᠬᠦᠷᠭᠡᠨ ᠬᠤᠪᠴᠠᠯᠠᠬᠤ ᠳᠤ ᠬᠡᠦᠬᠡᠨ ᠲᠠᠯ᠎ᠠ ᠶᠢᠨ ᠬᠡᠯᠡᠮᠦᠷᠴᠢ ᠠᠴᠠ᠄     ᠪᠠᠶᠠᠨ ᠨᠡᠷᠡᠲᠡᠢ᠂ ᠪᠠᠭᠠᠲᠤᠷ ᠴᠤᠯᠠ ᠲᠠᠢ ᠬᠠᠳᠠᠮ ᠨᠢ     ᠪᠠᠭ᠎ᠠ ᠬᠦᠷᠭᠡᠨ ᠢᠶᠠᠨ ᠬᠤᠪᠴᠠᠯᠠᠵᠤ ᠪᠠᠶᠢᠨ᠎ᠠ  ᠃     ᠲᠡᠷᠢᠭᠦᠨ ᠳᠤᠨᠢ ᠪᠤᠯᠠᠭᠠᠨ ᠦᠰᠦᠲᠤ ᠮᠠᠯᠠᠭᠠᠢ     ᠲᠡᠭᠰᠢ ᠪᠡᠶ᠎ᠡ ᠳᠤᠨᠢ ᠲᠤᠷᠭᠠᠨ ᠤᠤᠵᠢ᠂ ᠲᠡᠷᠯᠢᠭ     ᠲᠡᠭ ᠲᠤᠮᠳᠠᠭᠤᠷ ᠨᠢ ᠨᠤᠯᠤᠮ ᠨᠤᠭᠤᠭᠠᠨ ᠪᠦᠰᠡᠯᠡᠭᠦᠷ     ᠦᠯᠮᠡᠢ ᠳᠤᠨᠢ ᠤᠷᠢᠶᠠᠮᠠᠭ ᠤᠶᠤᠳᠠᠯ ᠲᠠᠢ ᠭᠤᠲᠤᠯ     ᠠᠷᠤ ᠳᠤᠨᠢ ᠦᠭᠡᠳᠡ ᠠᠮᠠᠰᠠᠷ ᠲᠠᠢ ᠰᠢᠭᠤᠳᠠᠢ ᠬᠤᠤᠰ     ᠦᠷᠭᠦᠯᠵᠢᠳᠡ ᠵᠢᠷᠭᠠᠬᠤ ᠰᠤᠮᠤᠨ ᠠᠯᠴᠢᠭᠤᠷ ᠬᠤᠤᠰ ᠭᠡᠵᠤ ᠮᠡᠳᠡᠬᠦᠯᠳᠡᠭ᠃ ᠬᠦᠷᠭᠡᠨ ᠲᠠᠭᠠᠭᠰᠠᠨ ᠬᠦᠦ ᠠᠴᠠ ᠬᠦᠷᠭᠡᠨ ᠬᠤᠪᠴᠠᠯᠠᠭᠰᠠᠨ ᠬᠤᠶᠠᠷ ᠪᠡᠷᠭᠡᠨ ᠢ ᠵᠠᠯᠠᠨ ᠰᠠᠭᠤᠯᠭᠠᠵᠤ᠂   ᠬᠦᠷᠭᠡᠨ ᠬᠤᠪᠴᠠᠰᠤᠯᠠᠭᠰᠠᠨ ᠠᠴᠢ ᠭᠡᠵᠤ ᠬᠠᠳᠠᠭ ᠪᠠᠷᠢᠨ᠎ᠠ᠃     ᠱᠠᠭᠠᠨᠲᠤ ᠶᠢᠨ ᠬᠤᠷᠢᠮ᠄     ᠱᠠᠭᠠᠨᠲᠤ ᠶᠢᠨ ᠬᠤᠷᠢᠮ ᠭᠡᠵᠤ ᠬᠡᠦᠬᠡᠨ ᠮᠤᠷᠳᠠᠬᠤ ᠦᠶ᠎ᠡ ᠳᠤ ᠬᠦᠷᠭᠡᠨ᠂ ᠬᠡᠦᠬᠡᠨ ᠢᠶᠠᠨ ᠨᠢᠭᠡ ᠰᠢᠷᠡᠭᠡᠨ ᠳᠤ ᠰᠠᠭᠤᠯᠭᠠᠨ ᠪᠦᠬᠦᠯᠢ ᠬᠤᠨᠢ ᠤᠷᠤᠭᠤᠯᠬᠤ ᠶᠢ ᠬᠡᠯᠡᠨ᠎ᠡ᠃ ᠬᠤᠨᠢᠨ ᠤ ᠪᠠᠷᠠᠭᠤᠨ ᠭᠤᠶ᠎ᠠ ᠶᠢ ᠱᠠᠭᠠᠨᠲᠤ ᠲᠠᠢ ᠨᠢ ᠴᠢᠨᠠᠵᠤ ᠤᠷᠤᠭᠤᠯᠤᠨ᠎ᠠ᠃ ᠰᠢᠷᠡᠭᠡᠨ ᠮᠡᠳᠡᠭᠦᠯᠦᠯᠲᠡ ᠲᠡᠭᠦᠰᠦᠮᠡᠭᠴᠡ ᠬᠦᠷᠬᠡᠨ᠂ ᠬᠡᠦᠬᠡᠨ ᠱᠠᠭᠠᠨᠲᠤ ᠮᠤᠯᠭᠤᠯᠤᠨ ᠱᠠᠭ᠎ᠠ ᠪᠤᠯᠢᠶᠠᠯᠳᠤᠨ᠎ᠠ᠃ ᠵᠠᠪᠰᠢᠶᠠᠨ ᠲᠠᠢ ᠬᠡᠦᠬᠡᠨ ᠪᠤᠯ ᠬᠦᠷᠭᠡᠨ ᠠᠴᠠ ᠤᠷᠢᠳ ᠱᠠᠭ᠎ᠠ ᠶᠢ ᠮᠤᠯᠭᠤᠯᠤᠨ ᠠᠪᠳᠠᠭ᠃ ᠡᠨᠡ ᠦᠶ᠎ᠡ ᠳᠤ ᠬᠦᠷᠭᠡᠨ ᠰᠢᠷᠡᠭᠡᠨ ᠠᠴᠠ ᠪᠠᠭᠤᠵᠤ ᠰᠢᠨ᠎ᠡ ᠪᠡᠷᠢ ᠳᠡᠭᠡᠨ ᠬᠦᠬᠦᠷ ᠪᠠᠷᠢᠨ ᠱᠠᠭ᠎ᠠ ᠪᠠᠨ ᠭᠤᠶᠤᠨ᠎ᠠ᠃ ᠬᠦᠬᠦᠷ ᠢ ᠬᠡᠦᠬᠡᠨ ᠲᠤᠰᠬᠤ ᠦᠭᠡᠢ᠂ ᠬᠡᠦᠬᠡᠨ ᠤ ᠡᠮᠦᠨ᠎ᠡ ᠰᠠᠭᠤᠭᠰᠠᠨ ᠪᠡᠷᠢᠶᠡᠳ ᠦᠬᠢᠳ ᠲᠤᠰᠴᠤ ᠬᠦᠷᠭᠡᠨ ᠢ ᠲᠠᠬᠢᠨ ᠲᠠᠬᠢᠨ ᠰᠦᠬᠦᠷᠡᠭᠦᠯᠦᠨ ᠱᠤᠭᠯᠠᠨ᠎ᠠ᠃ ᠨᠢᠭᠡᠨ ᠵᠡᠷᠭᠡ ᠨᠠᠭᠠᠳᠤᠭᠰᠠᠨ ᠤ ᠰᠡᠬᠦᠯᠡᠷ ᠬᠡᠦᠬᠡᠨ ᠠᠴᠠ ᠱᠠᠭ᠎ᠠ ᠶᠢ ᠲᠡᠪᠰᠢ ᠳᠤ ᠬᠠᠶᠠᠨ᠎ᠠ᠃ ᠬᠦᠷᠭᠡᠨ ᠲᠠᠬᠢᠨ ᠪᠤᠯᠢᠶᠠᠭᠳᠠᠬᠤ ᠠᠴᠠ ᠬᠢᠴᠢᠶᠡᠵᠤ ᠰᠡᠩᠳᠡ ᠮᠡᠩᠳᠡ ᠠᠪᠴᠤ ᠭᠤᠲᠤᠯ ᠤᠨ ᠲᠦᠷᠡᠢ ᠳᠡᠭᠡᠨ ᠬᠢᠨ᠎ᠡ᠃ ᠤᠯᠠᠨ ᠢᠶᠠᠷ ᠢᠶᠠᠨ ᠰᠢᠨ᠎ᠡ ᠬᠦᠷᠭᠡᠨ ᠱᠠᠭ᠎ᠠ ᠶᠢ ᠠᠯᠢ ᠬᠦᠯ ᠤᠨ ᠭᠤᠲᠤᠯ ᠤᠨ ᠲᠦᠷᠡᠢ ᠳᠡᠭᠡᠨ ᠬᠢᠬᠦ ᠶᠢ ᠶᠡᠭᠡ ᠨᠠᠷᠢᠨ ᠠᠵᠢᠭᠯᠠᠳᠠᠭ᠃ ᠤᠴᠢᠷ ᠨᠢ ᠶᠠᠭᠠᠷᠠᠤ ᠰᠠᠡᠳᠤᠷᠤᠤ ᠪᠠᠷ ᠰᠠᠨᠠᠭᠠᠨ ᠳᠤ ᠦᠭᠡᠢ ᠶᠠᠪᠤᠭᠳᠠᠬᠤ ᠬᠦᠳᠡᠯᠭᠡᠭᠡᠨ ᠲᠤᠯᠠ ᠨᠠᠢᠮᠠᠨ ᠮᠤᠩᠭᠤᠯᠴᠤᠳ ᠡᠭᠦᠨ ᠢᠶᠠᠷ ᠲᠦᠯᠭᠡ ᠦᠵᠡᠵᠤ᠂ ᠱᠠᠭ᠎ᠠ ᠶᠢ ᠪᠠᠷᠠᠭᠤᠨ ᠬᠦᠯ ᠤᠨ ᠲᠦᠷᠡᠢ ᠳᠡᠭᠡᠨ ᠤᠷᠢᠳᠠᠪᠠᠷ ᠬᠢᠪᠡᠯ ᠬᠦᠦ ᠲᠠᠢ ᠪᠤᠯᠤᠨ᠎ᠠ᠂ ᠱᠠᠭ᠎ᠠ ᠶᠢ ᠵᠡᠭᠦᠨ ᠬᠦᠯ ᠤᠨ ᠲᠦᠷᠡᠢ ᠳᠡᠭᠡᠨ ᠤᠷᠢᠳᠡᠪᠡᠷ ᠬᠢᠪᠡᠯ ᠦᠬᠢᠨ ᠲᠠᠢ ᠪᠤᠯᠤᠨ᠎ᠠ ᠭᠡᠵᠤ ᠬᠠᠭᠤᠴᠢᠯᠠᠳᠠᠭ᠃     ᠰᠢᠨ᠎ᠡ ᠬᠦᠷᠭᠡᠨ ᠲᠠᠬᠢᠨ ᠰᠢᠷᠡᠭᠡᠨ ᠳᠡᠭᠡᠨ ᠲᠦᠪ ᠰᠠᠭᠤᠵᠤ ᠬᠦᠵᠦᠭᠦᠦ ᠮᠤᠯᠭᠤᠯᠠᠨ᠎ᠠ᠃ ᠲᠡᠭᠦᠦ ᠨᠠᠷ ᠨᠢ ᠰᠢᠨ᠎ᠡ ᠬᠦᠷᠭᠡᠨ ᠤ ᠡᠷ᠎ᠡ ᠴᠢᠳᠠᠯ᠂ ᠤᠷᠠᠨ ᠤᠬᠠᠭᠠᠨ ᠢ ᠦᠵᠡᠬᠦ ᠭᠡᠵᠤ ᠬᠦᠵᠦᠭᠦᠨ ᠬᠦᠨᠳᠡᠢ ᠳᠤ ᠮᠤᠳᠤ ᠬᠢᠳᠡᠭ᠃ ᠴᠤᠪᠤᠭᠤ ᠰᠡᠷᠭᠦᠯᠡᠩ ᠬᠦᠦ ᠪᠤᠯ ᠤᠷᠢᠳᠠ ᠪᠠᠷ ᠰᠢᠨᠵᠢᠵᠤ ᠮᠤᠳᠤ ᠪᠠᠶᠢᠪᠠᠯ ᠠᠪᠴᠤ ᠬᠠᠶᠠᠭᠠᠳ ᠮᠤᠯᠭᠤᠯᠠᠨ᠎ᠠ᠃ ᠬᠦᠵᠦᠭᠦᠦ ᠮᠤᠯᠭᠤᠯᠬᠤ ᠳᠤ ᠰᠢᠨ᠎ᠡ ᠬᠦᠷᠭᠡᠨ ᠬᠦᠴᠢᠷᠳᠡᠪᠡᠯ ᠬᠦᠷᠭᠡᠨ ᠲᠠᠭᠠᠭᠰᠠᠨ ᠬᠦᠦ ᠬᠠᠮᠵᠢᠵᠤ ᠪᠤᠯᠳᠠᠭ᠃ ᠱᠠᠭᠠᠨᠲᠤ ᠶᠢᠨ ᠰᠢᠷᠡᠭᠡᠨ ᠳᠤ ᠬᠦᠷᠭᠡᠨ᠂ ᠬᠡᠦᠬᠡᠨ ᠠᠴᠠ ᠪᠤᠰᠤᠳ ᠬᠦᠮᠦᠨ ᠰᠠᠭᠤᠳᠠᠭ ᠦᠭᠡᠢ᠃ ᠰᠢᠨ᠎ᠡ ᠬᠦᠷᠭᠡᠨ ᠬᠤᠨᠢᠨ ᠤᠭᠤᠴᠠ ᠠᠴᠠ ᠦᠪᠡᠷ ᠲᠡᠭᠡᠨ   ᠨᠢᠭᠡ ᠵᠦᠰᠦᠮ ᠠᠪᠤᠪᠠᠯ ᠲᠠᠬᠢᠨ ᠰᠢᠨ᠎ᠡ ᠪᠡᠷᠢ ᠳᠡᠭᠡᠨ ᠨᠢᠭᠡ ᠵᠦᠰᠦᠮ ᠤᠭᠲᠤᠯᠤᠨ ᠦᠭᠳᠡᠭ᠃     ᠱᠠᠭᠠᠨᠲᠤ ᠶᠢᠨ ᠰᠢᠷᠡᠭᠡ ᠲᠠᠢ ᠬᠠᠮᠲᠤ ᠪᠠᠰᠠ ᠨᠢᠭᠡᠨ ᠰᠢᠷᠡᠭᠡ ᠵᠠᠰᠠᠨ ᠲᠦᠷᠦᠭᠦᠦ ᠨᠤᠶᠠᠨ᠂ ᠲᠦᠷᠦᠭᠦᠦ ᠲᠦᠰᠢᠮᠡᠯ ᠢ ᠳᠠᠶᠢᠯᠠᠳᠠᠭ᠃ ᠭᠡᠪᠡᠴᠤ ᠡᠨᠡ ᠬᠦ ᠰᠢᠷᠡᠭᠡ ᠨᠢ ᠳᠦᠭᠦᠮ ᠮᠦᠷᠲᠡᠭᠡᠨ ᠲᠦᠷᠭᠡᠨ ᠪᠠᠭᠤᠬᠤ ᠬᠡᠷᠡᠭᠲᠡᠢ᠃ ᠤᠷᠤᠭ ᠢ ᠬᠤᠭᠤᠰᠤᠨ ᠮᠤᠷᠳᠠᠭᠤᠯᠬᠤ ᠦᠭᠡᠢ ᠭᠡᠰᠡᠨ ᠯᠡ ᠤᠳᠬ᠎ᠠ ᠲᠠᠢ ᠪᠢᠯᠠ᠃ ᠬᠤᠷᠢᠮ ᠤᠨ ᠲᠠᠭᠠᠭᠠᠮᠠᠯ ᠠᠴᠠ ᠬᠡᠦᠬᠡᠨ ᠮᠤᠷᠳᠠᠬᠤ ᠦᠯᠵᠡᠶᠢᠲᠤ ᠴᠠᠭ ᠪᠤᠯᠵᠠᠢ ᠭᠡᠵᠤ   ᠲᠤᠩᠬᠠᠭᠯᠠᠮᠠᠭᠴᠠ᠂ ᠰᠢᠷᠡᠭᠡ ᠪᠦᠬᠦᠨ ᠢ ᠬᠤᠷᠢᠶᠠᠨ᠂ ᠬᠡᠦᠬᠡᠨ ᠮᠤᠷᠳᠠᠭᠤᠯᠬᠤ ᠪᠠᠷ ᠶᠠᠭᠠᠷᠠᠳᠠᠭ᠃     ᠬᠡᠦᠬᠡᠨ ᠮᠤᠷᠳᠠᠬᠤ᠄     ᠬᠡᠦᠬᠡᠨ ᠤ ᠭᠡᠷ ᠤᠨ ᠪᠠᠷᠠᠭᠤᠨ ᠡᠮᠦᠨ᠎ᠡ ᠮᠤᠷᠢᠨ ᠤᠶᠠᠭᠠᠨ ᠤ ᠲᠤᠳᠤᠨ᠎ᠠ ᠰᠢᠷᠤᠢ ᠶᠢᠨ ᠤᠪᠤᠭ᠎ᠠ ᠪᠤᠰᠬᠠᠨ ᠬᠦᠵᠢ ᠠᠰᠠᠭᠠᠨ ᠪᠡᠯᠡᠳᠭᠡᠨ ᠲᠠᠯᠪᠢᠳᠠᠭ᠃ ᠬᠡᠦᠬᠡᠨ ᠮᠤᠷᠳᠠᠬᠤ ᠴᠠᠭ ᠪᠤᠯᠤᠮᠠᠭᠴᠠ ᠰᠢᠨ᠎ᠡ ᠬᠦᠷᠭᠡᠨ ᠮᠤᠷᠢᠨ ᠳᠠᠭᠠᠨ ᠮᠤᠷᠳᠠᠵᠤ᠂ ᠬᠦᠷᠭᠡᠨ ᠲᠠᠭᠠᠭᠰᠠᠨ ᠬᠦᠦ ᠰᠢᠨ᠎ᠡ ᠬᠦᠷᠭᠡᠨ ᠤ ᠮᠤᠷᠢ ᠶᠢ ᠬᠦᠲᠦᠯᠦᠨ᠎ᠡ᠃ ᠬᠡᠦᠬᠡᠨ ᠢ ᠭᠡᠷ ᠠᠴᠠ ᠭᠠᠷᠬᠤ ᠠᠴᠠ ᠡᠮᠦᠨ᠎ᠡ ᠬᠦᠬᠡ ᠬᠠᠳᠠᠭ ᠪᠤᠶᠤ ᠤᠯᠠᠭᠠᠨ ᠠᠯᠴᠢᠭᠤᠷ ᠢᠶᠠᠷ ᠲᠡᠷᠢᠭᠦᠨ ᠢ ᠨᠢ ᠪᠦᠲᠡᠭᠡᠨ ᠬᠡᠦᠬᠡᠨ ᠬᠦᠷᠭᠡᠬᠦ ᠬᠤᠶᠠᠷ ᠪᠡᠷᠭᠡᠨ ᠲᠦᠰᠢᠨ ᠭᠠᠷᠴᠤ ᠮᠤᠷᠢᠨ ᠳᠤ ᠤᠨᠤᠭᠤᠯᠵᠤ ᠬᠡᠦᠬᠡᠨ ᠳᠠᠭᠠᠭᠰᠠᠨ ᠪᠡᠷᠢ ᠪᠤᠶᠤ ᠬᠡᠦᠬᠡᠨ ᠤ ᠲᠦᠷᠦᠭᠰᠡᠨ ᠠᠬ᠎ᠠ ᠲᠡᠭᠦᠦ ᠶᠢᠨ ᠨᠢᠭᠡ ᠨᠢ ᠬᠡᠦᠬᠡᠨ ᠤ ᠤᠨᠤᠭᠰᠠᠨ ᠮᠤᠷᠢ ᠶᠢ ᠬᠦᠲᠦᠯᠵᠤ᠂ ᠤᠪᠤᠭ᠎ᠠ ᠶᠢ ᠨᠠᠷᠠᠨ ᠡᠷᠭᠢᠯᠲᠡ ᠪᠠᠷ ᠭᠤᠷᠪᠠ ᠡᠷᠭᠢᠭᠡᠳ ᠰᠠᠶ᠋ᠢ ᠬᠡᠦᠬᠡᠨ ᠮᠤᠷᠳᠠᠬᠤ ᠰᠠᠶᠢᠨ ᠵᠦᠭ ᠲᠡᠭᠡᠨ ᠶᠠᠪᠤᠳᠠᠭ᠃ ᠬᠡᠦᠬᠡᠨ ᠤ ᠭᠡᠷ ᠤᠨ ᠲᠡᠭᠦᠦ ᠨᠠᠷ ᠨᠢ ᠢᠳᠡᠭᠡᠨ ᠤ ᠲᠡᠭᠡᠵᠢ ᠶᠢ ᠴᠡᠪᠡᠷ ᠰᠠᠶᠢᠬᠠᠨ ᠠᠶᠠᠭᠠᠨ ᠳᠤ ᠬᠢᠵᠤ ᠬᠦᠬᠡ ᠬᠠᠳᠠᠭ ᠢᠶᠠᠷ ᠪᠦᠲᠡᠭᠡᠨ ᠮᠤᠷᠲᠠᠨ   ᠶᠠᠪᠤᠬᠤ ᠬᠡᠦᠬᠡᠨ ᠢ ᠨᠠᠷᠠᠨ ᠡᠷᠭᠢᠯᠲᠡ ᠪᠠᠷ ᠭᠤᠷᠪᠠ ᠡᠷᠭᠢᠨ᠄ ︽ᠪᠤᠶᠠᠨ ᠬᠡᠰᠢᠭ ᠨᠢ ᠬᠤᠷᠤᠢ ᠬᠤᠷᠤᠢ︾ ᠭᠡᠵᠤ ᠬᠡᠦᠬᠡᠨ ᠪᠠ ᠬᠡᠦᠬᠡᠨ ᠳᠤ ᠦᠭᠭᠦᠭᠰᠡᠨ ᠡᠳ᠋ ᠮᠠᠯ ᠤᠨ ᠪᠤᠶᠠᠨ ᠬᠡᠰᠢᠭ ᠢ ᠬᠤᠷᠤᠶᠢᠯᠠᠨ ᠠᠪᠳᠠᠭ᠃ ᠤᠯᠠᠩᠬᠢ ᠨᠢ ᠡᠵᠢ ᠨᠢ ᠬᠡᠤᠬᠡᠨ ᠢᠶᠠᠨ ᠬᠦᠷᠭᠡᠳᠡᠭ᠃ ᠵᠠᠷᠢᠮ ᠠᠶᠢᠯ ᠨᠢ ᠠᠪᠤ ᠨᠢ ᠬᠡᠤᠬᠡᠨ ᠢᠶᠠᠨ ᠬᠦᠷᠭᠡᠳᠡᠭ᠃ ᠭᠡᠪᠡᠴᠤ ᠠᠪᠤ ᠡᠵᠢ ᠬᠤᠶᠠᠭᠤᠯᠠ ᠪᠠᠨ ᠬᠦᠷᠭᠡᠵᠤ ᠪᠤᠯᠬᠤ ᠦᠭᠡᠢ᠂ ᠭᠡᠷ ᠬᠤᠭᠤᠰᠤᠷᠠᠨ᠎ᠠ᠂ ᠬᠦᠷᠦᠩᠭᠡ ᠶᠠᠳᠠᠭᠤᠷᠠᠨ᠎ᠠ ᠭᠡᠳᠡᠭ᠃ ᠬᠡᠦᠬᠡᠨ ᠬᠦᠷᠭᠡᠬᠦ ᠬᠦᠮᠦᠨ ᠤ ᠲᠤᠭ᠎ᠠ ᠶᠢ ᠱᠠᠭᠠᠨᠲᠤ ᠶᠢᠨ ᠬᠦᠮᠦᠨ ᠤ ᠲᠤᠭᠠᠨ ᠤ ᠠᠷᠪᠠᠨ ᠲᠠᠬᠢᠨ ᠭᠡᠳᠡᠭ᠃ ᠲᠠᠷᠤᠢ ᠱᠠᠭᠠᠨᠲᠤ ᠳᠤ ᠨᠢᠭᠡ ᠬᠦᠮᠦᠨ ᠢᠷᠡᠪᠡᠯ ᠬᠠᠷᠢᠭᠤ ᠳᠤᠨᠢ ᠠᠷᠪᠠᠨ ᠬᠦᠮᠦᠨ ᠬᠡᠦᠬᠡᠨ ᠤ ᠬᠦᠷᠭᠡᠯᠲᠡ ᠳᠤ ᠤᠴᠢᠨ᠎ᠠ ᠭᠡᠰᠡᠨ ᠦᠭᠡ᠃ ᠡᠨᠡ ᠨᠢ ᠤᠯᠠᠨ ᠬᠦᠮᠦᠨ ᠬᠦᠷᠭᠡᠨ᠎ᠡ ᠭᠡᠰᠡᠨ ᠤᠳᠬ᠎ᠠ ᠲᠠᠢ ᠠᠴᠠ   ᠪᠢᠰᠢ᠂ ᠲᠡᠶᠢᠮᠦ ᠦᠬᠦᠮᠡᠯ ᠪᠢᠰᠢ᠂ ᠬᠤᠳᠠ᠂ ᠤᠷᠤᠭ ᠬᠤᠶᠠᠷ ᠲᠠᠯ᠎ᠠ ᠶᠢᠨ ᠪᠠᠶᠢᠳᠠᠯ ᠳᠠᠭᠠᠨ ᠲᠤᠬᠢᠷᠠᠭᠤᠯᠤᠨ᠎ᠠ᠃     ᠬᠤᠶᠠᠷ ᠮᠤᠷᠳᠠᠯᠭ᠎ᠠ ᠶᠢᠨ ᠬᠡᠤᠬᠡᠨ ᠵᠠᠮ ᠳᠤ ᠤᠴᠠᠷᠠᠬᠤ ᠶᠢ ᠲᠤᠩ ᠬᠢᠴᠢᠶᠡᠳᠡᠭ᠃ ᠭᠡᠲᠡᠯ᠎ᠡ ᠲᠤᠬᠠᠢ ᠶᠢᠨ ᠦᠶ᠎ᠡ ᠳᠤ ᠵᠠᠮ ᠬᠠᠷᠢᠯᠴᠠᠭ᠎ᠠ ᠲᠦᠭᠦᠮ ᠦᠭᠡᠢ᠂ ᠪᠤᠶᠢᠳᠠ ᠪᠦ᠋ᠭᠯᠡᠭᠦᠦ ᠲᠤᠯᠠ ᠭᠤᠤᠯ ᠮᠦᠷᠡᠨ ᠤ ᠤᠯᠤᠮ᠂ ᠠᠭᠤᠯᠠ ᠮᠠᠩᠬ᠎ᠠ ᠶᠢᠨ ᠬᠠᠪᠴᠢᠯ ᠵᠠᠮ ᠲᠡᠭᠡᠷ᠎ᠡ ᠵᠠᠶᠢᠯᠠᠬᠤ ᠭᠠᠵᠠᠷ ᠦᠭᠡᠢ ᠪᠤᠯᠳᠠᠭ᠃ ᠡᠨᠡ ᠦᠶ᠎ᠡ ᠳᠤ ᠬᠤᠶᠠᠷ ᠰᠢᠨ᠎ᠡ ᠬᠦᠷᠭᠡᠨ ᠰᠤᠮᠤᠨ ᠠᠯᠴᠢᠭᠤᠷ ᠢᠶᠠᠨ ᠰᠤᠯᠢᠯᠴᠠᠨ᠂ ᠬᠤᠶᠠᠷ ᠰᠢᠨ᠎ᠡ ᠪᠡᠷᠢ ᠬᠠᠪᠲᠠᠭ᠎ᠠ ᠪᠤᠶᠤ ᠰᠢᠭᠤᠳᠠᠢ ᠰᠤᠯᠢᠯᠴᠠᠳᠠᠭ᠃     ᠱᠠᠭᠠᠨᠲᠤ ᠶᠢᠨ ᠬᠦᠮᠦᠰ ᠭᠡᠷ ᠡᠷᠦᠬᠡ ᠶᠢᠨ ᠢᠶᠠᠨ ᠤᠶᠢᠷ᠎ᠠ ᠪᠤᠯᠤᠮᠠᠭᠴᠠ ᠮᠤᠷᠢ ᠲᠤᠪᠲᠤᠯᠭᠠᠨ ᠭᠡᠷ ᠲᠡᠭᠡᠨ ᠪᠤᠴᠠᠳᠠᠭ᠃ ᠱᠠᠭᠠᠨᠲᠤ ᠶᠢᠨ ᠬᠦᠮᠦᠰ ᠪᠤᠴᠠᠵᠤ ᠢᠷᠡᠮᠡᠭᠴᠡ ᠬᠦᠷᠭᠡᠨ ᠤ ᠲᠠᠯ᠎ᠠ ᠠᠴᠠ ᠬᠦᠷᠭᠡᠯᠲᠡ ᠶᠢᠨ ᠲᠠᠯ᠎ᠠ ᠳᠤ ᠠᠶᠠᠨ ᠵᠠᠮ ᠳᠤ ᠤᠨᠤᠭ᠎ᠠ ᠶᠠᠳᠠᠷᠠᠯ᠎ᠠ ᠭᠡᠵᠤ ᠮᠤᠷᠢ ᠪᠤᠶᠤ ᠦᠬᠡᠷ ᠬᠦᠷᠭᠡᠳᠡᠭ᠃ ᠬᠦᠷᠭᠡᠨ ᠤ ᠲᠠᠯ᠎ᠠ ᠶᠢᠨ ᠬᠢᠨ ᠮᠤᠷᠢᠨ ᠳᠤ ᠰᠠᠶᠢᠨ᠂ ᠬᠤᠷᠴᠠ ᠱᠠᠯᠠᠮᠠᠭᠠᠢ᠂ ᠮᠤᠷᠢ ᠨᠢ ᠲᠦᠷᠭᠡᠨ ᠭᠦᠶᠦᠳᠡᠯ ᠲᠠᠢ ᠬᠤᠶᠠᠷ ᠮᠤᠷᠢᠲᠠᠨ ᠢ ᠢᠯᠡᠭᠡᠨ ᠤᠨᠤᠭ᠎ᠠ ᠬᠦᠷᠭᠡᠯᠭᠡᠳᠡᠭ᠃ ᠤᠨᠤᠭ᠎ᠠ ᠬᠦᠷᠭᠡᠭᠰᠡᠳ ᠤᠨᠤᠭ᠎ᠠ ᠪᠠᠨ ᠬᠦᠷᠭᠡᠯᠲᠡ ᠶᠢᠨ ᠬᠦᠮᠦᠰ ᠲᠤ ᠲᠤᠰᠢᠶᠠᠮᠠᠭᠴᠠ ᠭᠡᠳᠡᠷᠭᠦ   ᠪᠤᠴᠠᠨ ᠳᠠᠪᠬᠢᠭᠤᠯᠳᠠᠭ᠃ ᠬᠦᠷᠭᠡᠯᠲᠡ ᠶᠢᠨ ᠬᠦᠮᠦᠰ ᠴᠤ ᠮᠤᠷᠢ ᠨᠢᠰᠭᠡᠨ ᠤᠨᠤᠭ᠎ᠠ ᠬᠦᠷᠭᠡᠭᠰᠡᠨ ᠮᠤᠷᠢᠲᠠᠨ ᠢ ᠨᠡᠬᠡᠮᠵᠢᠯᠡᠨ ᠮᠠᠯᠠᠭᠠᠢ  ᠪᠣᠯᠢᠶᠠᠯᠳᠤᠨ᠎ᠠ᠃ ᠤᠨᠤᠭ᠎ᠠ ᠬᠦᠷᠭᠡᠯᠲᠡ ᠶᠢᠨ ᠵᠠᠯᠠᠭᠤ ᠵᠠᠪᠰᠢᠶᠠᠨ ᠲᠠᠢ ᠪᠤᠯ ᠤᠷᠤᠭ ᠤᠨ ᠲᠠᠯ᠎ᠠ ᠶᠢᠨ ᠮᠠᠯᠠᠭᠠᠢ ᠶᠢ ᠪᠤᠯᠢᠶᠠᠵᠤ ᠪᠤᠯᠳᠠᠭ᠃ ᠭᠡᠲᠡᠯ᠎ᠡ ᠪᠡᠯᠡᠳᠭᠡᠯ ᠲᠠᠢ ᠪᠠᠶᠢᠭᠰᠠᠨ ᠤᠯᠠᠨ ᠮᠤᠷᠢᠲᠠᠨ ᠠᠴᠠ ᠮᠤᠯᠲᠤᠷᠬᠤᠶ᠎ᠠ ᠪᠡᠷᠬᠡ᠃ ᠬᠤᠶᠠᠷ ᠲᠠᠯ᠎ᠠ ᠶᠢᠨ ᠬᠢᠨ ᠨᠢᠭᠡᠨ ᠵᠡᠷᠭᠡ ᠮᠤᠩᠭᠤᠯ ᠮᠤᠷᠢᠳ ᠤᠨ ᠭᠦᠶᠦᠳᠡᠯ ᠂ ᠮᠤᠩᠭᠤᠯ ᠡᠷᠡᠴᠣᠳ ᠤᠨ ᠬᠤᠷᠴᠠ ᠱᠠᠯᠠᠮᠠᠭᠠᠢ ᠶᠢ ᠮᠦᠴᠡᠭᠡᠷᠭᠡᠨ᠂ ᠮᠤᠩᠭᠤᠯᠴᠤᠳ ᠤᠨ ᠮᠤᠷᠢᠨ ᠮᠡᠷᠭᠡᠵᠢᠯ ᠤᠨ ᠠᠪᠢᠶᠠᠰ ᠴᠢᠳᠠᠪᠤᠷᠢ ᠪᠠᠨ ᠢᠯᠡᠷᠡᠭᠦᠯᠦᠨ ᠲᠤᠭᠯᠠᠳᠠᠭ᠃ ᠮᠤᠩᠭᠤᠯ ᠨᠤᠲᠤᠭ ᠤᠨ ᠬᠤᠷᠢᠮ ᠨᠠᠶᠢᠷ ᠡᠶᠢᠮᠦ ᠯᠡ ᠬᠦᠷ ᠬᠦᠭᠵᠢᠶᠡᠨ ᠲᠠᠢ ᠶᠠᠪᠤᠭᠳᠠᠳᠠᠭ᠃ ᠤᠨᠤᠭ᠎ᠠ ᠬᠦᠷᠭᠡᠭᠰᠡᠳ ᠪᠤᠴᠠᠮᠠᠭᠴᠠ ᠰᠢᠨ᠎ᠡ ᠬᠦᠷᠭᠡᠨ᠂ ᠬᠦᠷᠭᠡᠨ ᠲᠠᠭᠠᠭᠰᠠᠨ ᠬᠦᠦ ᠤᠷᠤᠭ ᠤᠭᠲᠤᠨ ᠢᠷᠡᠵᠤ ᠬᠦᠷᠭᠡᠯᠲᠡ ᠶᠢᠨ ᠲᠡᠷᠭᠡ ᠶᠢ ᠵᠦᠪ ᠡᠷᠭᠢᠨ ᠡᠮᠦᠨ᠎ᠡ ᠨᠢ ᠭᠠᠷᠴᠤ ᠵᠠᠮ ᠤᠳᠤᠷᠢᠳᠤᠨ ᠭᠡᠷ ᠵᠦᠭ ᠢᠶᠠᠨ ᠠᠭᠠᠵᠢᠮ ᠶᠠᠪᠤᠨ᠎ᠠ᠃ ᠬᠦᠷᠭᠡᠨ ᠤ ᠲᠠᠯ᠎ᠠ ᠠᠴᠠ ᠭᠠᠯ ᠤᠨ ᠤᠭᠲᠤᠯᠲᠠ ᠭᠡᠵᠤ ᠵᠠᠮ ᠤᠨ ᠬᠤᠶᠠᠷ ᠬᠠᠵᠠᠭᠤ ᠳᠤ ᠶᠡᠭᠡ ᠭᠠᠯ ᠨᠤᠴᠤᠭᠠᠨ᠎ᠠ᠃ ᠬᠦᠷᠭᠡᠯᠲᠡ ᠶᠢᠨ ᠬᠢᠨ ᠡᠪᠦᠯ ᠴᠠᠭ ᠶᠡᠭᠡ ᠲᠠᠭᠠᠷᠠᠭᠰᠠᠨ ᠪᠠᠶᠢᠪᠠᠯ ᠲᠡᠷᠭᠡ ᠤᠨᠤᠭ᠎ᠠ ᠪᠠᠨ ᠵᠤᠭᠰᠤᠭᠠᠨ ᠭᠠᠯ ᠳᠡᠭᠡᠷ᠎ᠡ ᠬᠠᠯᠠᠰᠴᠤ ᠪᠤᠯᠤᠨ᠎ᠠ᠃ ᠬᠦᠷᠭᠡᠨ ᠤ ᠲᠠᠯ᠎ᠠ ᠶᠢᠨ ᠬᠡᠯᠡᠮᠦᠷᠴᠢ ᠠᠴᠠ᠄     ᠲᠦᠷᠦ ᠪᠠᠨ ᠲᠦᠰᠢᠭᠡᠳ ᠢᠷᠡᠭᠰᠡᠨ ᠲᠦᠷᠦᠭᠦᠦ ᠨᠤᠶᠠᠳ ᠡ᠂     ᠲᠡᠭᠦᠨ ᠲᠠᠢ ᠬᠠᠮᠲᠤ ᠢᠷᠡᠭᠰᠡᠨ ᠲᠦᠷᠦᠭᠦᠦ ᠲᠦᠰᠢᠮᠡᠯ ᠡ᠂     ᠬᠠᠷᠢ ᠶᠢ ᠬᠠᠰᠢᠭᠠᠳ ᠢᠷᠡᠭᠰᠡᠨ ᠬᠠᠲᠤᠨ ᠬᠤᠳᠠᠭᠠᠢ ᠡ᠂     ᠬᠡᠦᠬᠡᠨ ᠢᠶᠠᠨ ᠬᠦᠷᠭᠡᠭᠡᠳ ᠢᠷᠡᠭᠰᠡᠨ ᠤᠯᠠᠨ ᠬᠠᠲᠤᠳ ᠡ᠂     ᠬᠠᠯᠠᠭᠤᠨ ᠭᠠᠯ ᠲᠡᠭᠡᠷ᠎ᠡ ᠵᠠᠯᠠᠵᠤ ᠪᠠᠶᠢᠨ᠎ᠠ ᠭᠡᠬᠦ ᠳᠤ᠂ ᠬᠡᠦᠬᠡᠨ ᠤ ᠲᠠᠯ᠎ᠠ ᠶᠢᠨ ᠬᠡᠯᠡᠮᠦᠷᠴᠢ ᠠᠴᠠ ᠬᠤᠪᠢᠩ ᠲᠠᠢ ᠠᠷᠢᠬᠢ ᠶᠢ   ᠢᠳᠠᠮᠯᠠᠨ᠄     ᠲᠡᠭᠡᠭᠰᠢ ᠲᠡᠭᠷᠢ ᠳᠤ ᠡᠷᠭᠦᠵᠤ ᠪᠠᠶᠢᠨ᠎ᠠ       ᠲᠦᠷᠪᠡᠨ ᠵᠦᠭ ᠤᠨ ᠰᠠᠬᠢᠭᠤᠯᠰᠤᠨ ᠠᠮᠰᠠᠮᠤ︕     ᠲᠤᠷᠤᠭᠰᠢ ᠨᠠᠪᠳᠠᠭ ᠰᠠᠪᠳᠠᠭ ᠲᠤ ᠡᠷᠭᠦᠵᠤ ᠪᠠᠶᠢᠨ᠎ᠠ     ᠯᠤᠤᠰ ᠤᠨ ᠡᠵᠡᠳ ᠠᠮᠰᠠᠮᠤ  ︕     ᠤᠨᠤᠭᠰᠠᠨ ᠮᠤᠷᠢ ᠶᠢ ᠪᠤᠯᠬᠢᠭᠤᠯᠵᠤ ᠪᠤᠯᠬᠤ ᠦᠭᠡᠢ     ᠬᠦᠯᠦᠭᠰᠡᠨ ᠦᠬᠡᠷ ᠢ ᠬᠦᠭᠯᠡᠭᠦᠯᠵᠦ ᠪᠤᠯᠬᠤ ᠦᠭᠡᠢ     ᠬᠡᠦᠬᠡᠨ ᠤ ᠲᠡᠷᠭᠡ ᠶᠢ ᠨᠠᠳᠬᠤᠭᠠᠵᠤ ᠪᠤᠯᠬᠤ ᠦᠭᠡᠢ     ᠬᠦᠮᠦᠨ ᠪᠦᠬᠦᠨ ᠢ ᠬᠡᠷᠡᠯᠳᠦᠭᠦᠯᠵᠤ ᠪᠤᠯᠬᠤ ᠦᠭᠡᠢ︕     ᠡᠨᠡ ᠪᠦᠬᠦᠨ ᠢ ᠲᠠᠭᠠᠳᠬᠠᠵᠤ ᠪᠠᠶᠢᠨ᠎ᠠ     ᠡᠵᠡᠳ ᠰᠠᠬᠢᠭᠤᠯᠰᠤᠨ ᠰᠤᠶᠤᠷᠬ᠎ᠠ᠂     ᠠᠷᠪᠠᠨ ᠵᠦᠭ ᠤᠨ ᠪᠤᠷᠬᠠᠳ ᠦᠷᠦᠰᠢᠶᠡ     ᠠᠯᠢᠪᠠ ᠴᠢᠳᠬᠦᠷ ᠵᠠᠮ ᠵᠠᠶᠢᠯᠠ ᠭᠡᠳᠡᠭ᠃   ᠢᠩᠭᠢᠭᠡᠳ ᠯᠡ ᠬᠦᠷᠭᠡᠨ ᠤ ᠭᠡᠷ ᠵᠦᠭ ᠲᠦᠬᠦᠨ ᠬᠦᠷᠦᠨ᠎ᠡ  ᠃     ᠡᠭᠦᠳᠡ ᠭᠤᠶᠤᠬᠤ᠄     ᠬᠡᠦᠬᠡᠨ ᠤ ᠲᠠᠯ᠎ᠠ ᠶᠢᠨ ᠬᠡᠯᠡᠮᠦᠷᠴᠢ᠂ ᠪᠡᠯᠡᠭ ᠪᠠᠷᠢᠭᠰᠠᠨ ᠬᠦᠦ ᠲᠠᠢ ᠬᠠᠮᠲᠤ ᠬᠦᠷᠭᠡᠨ ᠤ ᠡᠭᠦᠳᠡᠨ ᠳᠤ ᠬᠦᠷᠴᠤ ᠡᠭᠦᠳᠡ ᠭᠤᠶᠤᠨ᠎ᠠ᠃ ᠬᠦᠦ ᠶᠢᠨ ᠲᠠᠯ᠎ᠠ ᠶᠢᠨ ᠬᠡᠯᠡᠮᠦᠷᠴᠢ᠄     ᠠᠪᠠ ᠰᠢᠪᠠᠭᠤᠨ ᠳᠤ ᠶᠠᠪᠤᠵᠤ ᠪᠠᠶᠢᠨ᠎ᠠ ᠭᠡᠬᠦ ᠳᠤ     ᠨᠤᠬᠠᠢ ᠰᠢᠪᠠᠭᠤ ᠦᠭᠡᠢ ᠲᠠ᠂     ᠠᠶᠠᠨ ᠲᠠᠶᠢᠨ ᠬᠢᠵᠤ ᠪᠠᠶᠢᠨ᠎ᠠ ᠭᠡᠬᠦ ᠳᠤ     ᠫᠤᠤ ᠵᠡᠪᠰᠡᠭ ᠦᠭᠡᠢ ᠲᠠ᠂     ᠦᠢ ᠤᠯᠠᠨ ᠢᠶᠠᠷ ᠢᠶᠠᠨ ᠨᠠᠶᠢᠷᠠᠯᠳᠤᠵᠤ ᠪᠠᠶᠢᠬᠤ ᠳᠤ     ᠡᠭᠦᠳᠡ ᠶᠢ ᠶᠠᠭᠤᠨ ᠳᠤ ᠲᠠᠷᠤᠵᠤ ᠪᠠᠭᠤᠪᠠ︖     ᠤᠴᠢᠷ ᠲᠠᠢ ᠪᠤᠯ ᠤᠴᠢᠷ ᠢᠶᠠᠨ ᠬᠡᠯᠡ     ᠤᠴᠢᠷ ᠦᠭᠡᠢ ᠪᠤᠯ ᠡᠬᠦᠳᠡᠨ ᠠᠴᠠ ᠵᠠᠶᠢᠯᠠ︕     ᠬᠡᠦᠬᠡᠨ ᠤ ᠲᠠᠯ᠎ᠠ ᠶᠢᠨ ᠬᠡᠯᠡᠮᠦᠷᠴᠢ᠄     ᠦᠴᠦᠭᠡᠳᠦᠷ ᠤᠷᠤᠭ ᠢᠶᠠᠷ ᠤᠴᠢᠵᠤ     ᠲᠤᠷᠭ᠎ᠠ ᠪᠠᠷ ᠪᠦᠲᠦᠵᠤ     ᠦᠬᠢᠨ ᠦᠷ᠎ᠡ ᠪᠠᠨ ᠬᠦᠷᠭᠡᠵᠤ ᠢᠷᠡᠬᠦ ᠳᠤ     ᠪᠤᠰᠤᠭ᠎ᠠ ᠮᠤᠳᠤ ᠪᠠᠷ ᠡᠭᠦᠳᠡ ᠪᠠᠨ ᠲᠤᠯᠵᠤ     ᠪᠤᠷᠳᠤᠭᠠᠨ ᠭᠠᠭ᠋ᠠᠢ ᠮᠡᠲᠦ ᠬᠤᠷᠴᠢᠬᠢᠨᠠᠵᠤ ᠪᠠᠶᠢᠬᠤ ᠴᠢᠨᠢ ᠶᠠᠭᠤᠨ ᠪᠤᠢ᠂ ᠬᠤᠳᠠ ᠡ᠂     ᠴᠢᠨᠤ ᠶᠤᠰᠤ ᠤᠤ︖     ᠴᠢᠩᠭᠢᠰ ᠤᠨ ᠶᠤᠰᠤ ᠤᠤ︖     ᠬᠦᠦ ᠲᠠᠯ᠎ᠠ ᠶᠢᠨ ᠬᠡᠯᠡᠮᠦᠷᠴᠢ᠄     ᠠᠮᠠᠯᠠᠵᠤ ᠬᠡᠯᠡᠭᠰᠡᠨ ᠦᠭᠡ ᠶᠢ ᠴᠢᠨᠢ ᠰᠤᠨᠤᠰᠪᠠᠯ     ᠠᠰ ᠤᠨ ᠬᠤᠳᠠ ᠪᠠᠶᠢᠨ᠎ᠠ ᠳ᠋ᠠ᠂     ᠠᠮᠢᠨ ᠤ ᠬᠤᠳᠠ ᠪᠤᠯᠤᠭᠰᠠᠨ ᠴᠤ     ᠤᠴᠢᠷ ᠶᠤᠰᠤ ᠶᠢ ᠬᠦᠢᠴᠡᠭᠡᠬᠦ ᠬᠡᠷᠡᠭᠲᠡᠢ᠃     ᠲᠡᠭᠡᠬᠦ ᠳᠤ ᠬᠡᠦᠬᠡᠨ ᠤ ᠲᠠᠯ᠎ᠠ ᠶᠢᠨ ᠬᠡᠯᠡᠮᠦᠷᠴᠢ ᠬᠠᠪᠲᠠᠭ᠎ᠠ ᠪᠤᠶᠤ ᠰᠢᠭᠤᠳᠠᠢ ᠭᠠᠷᠭᠠᠵᠤ᠄     ᠲᠡᠭᠡᠭᠰᠢ ᠪᠠᠨ ᠠᠪᠤᠭᠠᠳ ᠬᠠᠶᠠᠪᠠᠯ     ᠳᠡᠭᠡᠳᠦ ᠲᠡᠭᠷᠢ ᠪᠠᠶᠠᠰᠤᠨ᠎ᠠ᠂     ᠲᠡᠯᠭᠡᠭᠡᠳ ᠪᠠᠭᠤᠭᠠᠳ ᠢᠷᠡᠪᠡᠯ     ᠲᠦᠷᠪᠡᠨ ᠵᠦᠭ ᠤᠨ ᠡᠵᠡᠳ ᠪᠠᠶᠠᠰᠤᠨ᠎ᠠ᠃     ᠡᠭᠦᠳᠡᠨ ᠲᠡᠭᠡᠷ᠎ᠡ ᠬᠠᠶᠠᠪᠠᠯ     ᠡᠬᠦᠳᠡᠨ ᠪᠤᠷᠬᠠᠨ ᠪᠠᠶᠠᠰᠤᠨ᠎ᠠ᠂     ᠡᠷᠭᠢᠭᠡᠳ ᠪᠠᠭᠤᠭᠠᠳ ᠢᠷᠡᠪᠡᠯ     ᠡᠬᠡ ᠭᠠᠵᠠᠷ ᠪᠠᠶᠠᠰᠤᠨ᠎ᠠ᠃     ᠬᠠᠭᠠᠨ ᠤ ᠬᠠᠭᠠᠯᠭ᠎ᠠ ᠨᠡᠭᠡᠭᠡ᠂     ᠬᠤᠳᠠ ᠤᠷᠤᠭ ᠢᠶᠠᠨ ᠤᠷᠤᠭᠤᠯ᠂     ᠪᠦᠭᠡᠷ᠎ᠡ ᠶᠢᠨ ᠬᠠᠭᠠᠯᠭ᠎ᠠ ᠨᠡᠭᠡᠭᠡ᠂     ᠪᠦᠭᠦᠳᠡ ᠤᠯᠠᠨ ᠢ ᠤᠷᠤᠭᠤᠯ ᠭᠡᠵᠤ ᠬᠠᠪᠲᠠᠭ᠎ᠠ ᠰᠢᠲᠠᠨ ᠡᠭᠦᠳᠡ ᠲᠦᠯᠬᠢᠨ ᠲᠤᠳᠤᠭᠰᠢ ᠤᠷᠤᠨ᠎ᠠ᠃ ᠬᠠᠮᠤᠭ ᠡᠮᠦᠨ᠎ᠡ ᠨᠢ ᠬᠦᠷᠭᠡᠨ ᠲᠠᠭᠠᠭᠰᠠᠨ ᠬᠦᠦ᠂ ᠲᠠᠷᠠᠭ᠎ᠠ ᠨᠢ ᠰᠢᠨ᠎ᠡ ᠬᠦᠷᠭᠡᠨ᠂ ᠰᠢᠨ᠎ᠡ ᠪᠡᠷᠢ᠂ ᠲᠠᠷᠠᠭ᠎ᠠ ᠨᠢ ᠬᠡᠦᠬᠡᠨ ᠬᠦᠷᠭᠡᠭᠰᠡᠨ ᠪᠡᠷᠢ ᠶᠠᠪᠤᠳᠠᠭ᠃ ᠰᠢᠨ᠎ᠡ ᠬᠦᠷᠭᠡᠨ᠂ ᠰᠢᠨ᠎ᠡ ᠪᠡᠷᠢ ᠶᠢᠨ ᠬᠤᠭᠤᠷᠤᠨᠳᠤ ᠪᠤᠰᠤᠳ ᠬᠦᠮᠦᠨ ᠵᠠᠭᠠᠭᠯᠠᠵᠤ ᠪᠤᠯᠬᠤ ᠦᠭᠡᠢ᠃ ᠰᠢᠨ᠎ᠡ ᠭᠡᠷ ᠲᠤ ᠬᠡᠦᠬᠡᠨ᠂ ᠬᠦᠷᠭᠡᠨ ᠵᠡᠷᠭᠡᠴᠡᠨ ᠨᠢᠭᠡᠨ ᠵᠡᠷᠭᠡ ᠰᠠᠭᠤᠭᠠᠳ ᠪᠤᠰᠴᠤ ᠨᠢᠭᠤᠷ ᠤᠬᠢᠶᠠᠨ᠎ᠠ᠃ ᠪᠠᠰᠠ ᠷᠠᠰᠢᠶᠠᠯᠠᠨ᠎ᠠ ᠭᠡᠳᠡᠭ᠃ ᠯᠠᠮᠠ ᠨᠠᠷ ᠨᠤᠮ ᠤᠩᠰᠢᠨ ᠷᠠᠰᠢᠶᠠᠯᠠᠬᠤ ᠴᠤ ᠪᠤᠢ᠃     ᠬᠠᠳᠬᠤᠭᠤᠷ ᠭᠤᠶᠤᠬᠤ᠄     ᠬᠦᠷᠭᠡᠯᠲᠡ ᠳᠤ ᠢᠷᠡᠭᠰᠡᠨ ᠪᠡᠷᠭᠡᠨ ᠠᠴᠠ ᠰᠢᠨ᠎ᠡ ᠪᠡᠷᠢ ᠶᠢᠨ ᠬᠠᠳᠠᠮ ᠡᠵᠢ ᠶᠢ ᠵᠠᠯᠠᠨ ᠰᠠᠭᠤᠯᠭᠠᠵᠤ᠄ ︽ᠵᠠ᠂ ᠬᠤᠳᠠᠭᠠᠢ ᠡ᠂   ᠰᠢᠨ᠎ᠡ ᠪᠡᠷᠢ ᠶᠢᠨ ᠦᠰᠦ ᠶᠢ ᠤᠷᠢᠶᠠᠬᠤ ᠭᠡᠵᠤ ᠪᠠᠶᠢᠨ᠎ᠠ᠂ ᠬᠠᠳᠠᠮ ᠡᠵᠢ ᠨᠢ ᠬᠠᠳᠬᠤᠭᠤᠷ ᠱᠠᠩᠨᠠᠬᠤ ᠪᠤᠯᠪᠠ ᠤᠤ︕︾ ᠭᠡᠵᠤ ᠬᠦᠬᠦᠷ ᠪᠠᠷᠢᠬᠤ ᠳᠤ ᠬᠠᠳᠠᠮ ᠡᠵᠢ ᠨᠢ ᠰᠢᠨ᠎ᠡ ᠪᠡᠷᠢ ᠳᠡᠭᠡᠨ ᠲᠤᠯᠤᠭᠠᠢ ᠶᠢᠨ ᠵᠠᠰᠠᠯ ᠭᠠᠷᠭᠠᠨ ᠮᠦᠷᠬᠦᠬᠦᠯᠦᠭᠰᠡᠨ ᠡᠵᠢ ᠳᠤᠨᠢ ᠲᠤᠰᠢᠶᠠᠳᠠᠭ᠃ ᠮᠦᠷᠬᠦᠬᠦᠯᠦᠭᠰᠡᠨ ᠡᠵᠢ ᠨᠢ ᠬᠡᠦᠬᠡᠨ ᠢ ᠲᠦᠪ ᠰᠠᠭᠤᠯᠭᠠᠨ ᠪᠢᠲᠡᠭᠦᠦ ᠦᠰᠦ ᠶᠢ ᠨᠢ ᠭᠤᠤᠯ ᠢᠶᠠᠷ ᠨᠢ ᠬᠠᠭᠠᠯᠵᠤ ᠬᠤᠶᠠᠷ ᠬᠤᠪᠢᠶᠠᠨ ᠦᠰᠦ ᠤᠷᠢᠶᠠᠳᠠᠭ᠃ ᠬᠠᠳᠬᠤᠭᠤᠷ ᠭᠤᠶᠤᠬᠤ ᠭᠡᠳᠡᠭ ᠨᠢ ᠦᠨᠡᠨ ᠳᠡᠭᠡᠨ ᠲᠤᠯᠤᠭᠠᠢ ᠶᠢᠨ ᠵᠠᠰᠠᠯ ᠠᠪᠤᠨ᠎ᠠ ᠭᠡᠰᠡᠨ ᠦᠭᠡ᠃ ᠲᠤᠯᠤᠭᠠᠢ ᠶᠢᠨ ᠵᠠᠰᠠᠯ ᠳᠤ ᠬᠤᠤᠰ ᠦᠰᠦᠨ ᠲᠦᠩᠽᠢ᠂ ᠭᠤᠷᠪᠠᠨ ᠬᠠᠳᠬᠤᠭᠤᠷ᠂ ᠬᠤᠶᠠᠷ ᠮᠦᠷ ᠤᠨ ᠲᠠᠲᠠᠭᠤᠷ᠂ ᠬᠤᠶᠠᠷ ᠪᠤᠶᠤ ᠲᠦᠷᠪᠡᠨ ᠤᠨᠵᠢᠯᠭ᠎ᠠ᠂ ᠵᠢᠷᠭᠤᠭᠠᠨ ᠰᠦᠢᠭᠡ᠂ ᠪᠠᠭᠤᠪᠴᠢ᠂ ᠪᠦᠯᠡᠵᠡᠭ ᠮᠡᠲᠦ ᠪᠠᠶᠢᠳᠠᠭ᠃ ᠡᠳᠡᠭᠡᠷ ᠢ   ᠤᠯᠠᠩᠬᠢ ᠨᠢ ᠪᠡᠯᠡᠳᠭᠡᠵᠤ ᠴᠢᠳᠠᠬᠤ ᠦᠭᠡᠢ᠂ ᠴᠢᠳᠠᠯ ᠤᠨ ᠬᠢᠷᠢ ᠪᠠᠷ ᠪᠡᠯᠡᠳᠭᠡᠵᠤ᠂ ᠭᠦᠢᠴᠡᠬᠦ ᠦᠭᠡᠢ ᠶᠢ ᠨᠢ ᠵᠢᠭᠡᠯᠡᠵᠤ ᠬᠡᠷᠡᠭᠯᠡᠬᠦ ᠪᠤᠶᠤ ᠬᠡᠦᠬᠡᠨ ᠤ ᠲᠠᠯ᠎ᠠ ᠶᠢᠨ ᠬᠢᠨ ᠭᠠᠷᠭᠠᠳᠠᠭ᠃     ᠪᠢᠲᠡᠭᠦᠦ ᠦᠰᠦ ᠭᠡᠳᠡᠭ ᠨᠢ ᠲᠡᠷᠡ ᠦᠶ᠎ᠡ ᠳᠤ ᠬᠡᠦᠬᠡᠨ ᠬᠦᠮᠦᠨ ᠭᠡᠵᠢᠭᠡ ᠪᠠᠨ ᠬᠤᠶᠢᠰᠢ ᠪᠢᠲᠡᠭᠦᠦ ᠰᠠᠮᠨᠠᠨ ᠭᠦᠷᠦᠬᠦ ᠶᠢ ᠬᠡᠯᠡᠨ᠎ᠡ᠂ ᠪᠠᠰᠠ ᠬᠡᠤᠬᠡᠨ ᠦᠰᠦ ᠭᠡᠳᠡᠭ᠃     ᠭᠠᠯ ᠳᠤ ᠮᠦᠷᠭᠦᠬᠦ᠄     ᠬᠡᠦᠬᠡᠨ ᠦᠰᠦ ᠤᠷᠢᠶᠠᠭᠰᠠᠨ ᠤ ᠲᠠᠷᠠᠭ᠎ᠠ ᠬᠠᠳᠠᠮ ᠤᠨ ᠪᠤᠷᠬᠠᠨ  ᠳᠤ ᠪᠦᠬᠦᠯᠢ ᠰᠢᠭᠦᠰᠦ ᠲᠠᠯᠪᠢᠨ ᠮᠦᠷᠭᠦᠨ᠎ᠡ᠃ ᠲᠠᠷᠠᠭ᠎ᠠ ᠨᠢ ᠭᠠᠯ ᠤᠨ ᠯᠠᠮᠠ ᠨᠤᠮ ᠤᠩᠰᠢᠵᠤ᠂ ᠬᠦᠷᠭᠡᠨ ᠬᠡᠦᠬᠡᠨ ᠲᠤᠯᠭ᠎ᠠ ᠶᠢᠨ ᠡᠮᠦᠨ᠎ᠡ ᠰᠦᠭᠦᠳᠦᠨ᠂ ᠮᠦᠷᠬᠦᠬᠦᠯᠦᠭᠰᠡᠨ ᠠᠪᠤ ᠡᠵᠢ ᠨᠢ ᠬᠦᠷᠭᠡᠨ ᠬᠡᠦᠬᠡᠨ ᠢ ᠲᠦᠯᠦᠭᠡᠯᠡᠨ ᠭᠠᠯ ᠳᠤ ᠬᠦᠵᠢ᠂ ᠰᠢᠷ᠎ᠠ ᠲᠤᠰᠤ᠂ ᠠᠷᠢᠬᠢ᠂ ᠡᠮᠤᠰᠭᠡᠯ᠂ ᠬᠠᠯᠢᠮ ᠡᠷᠭᠦᠵᠤ ᠮᠦᠷᠭᠦᠭᠦᠯᠦᠨ᠎ᠡ᠃ ᠮᠦᠷᠭᠦᠭᠦᠯᠦᠭᠰᠡᠨ ᠠᠪᠤ ᠡᠵᠢ ᠭᠡᠳᠡᠭ ᠳᠠᠭᠤᠳᠠᠯᠭ᠎ᠠ ᠨᠢ ᠨᠢ ᠡᠭᠦᠨ ᠠᠴᠠ ᠢᠷᠡᠯᠲᠡ ᠲᠠᠢ ᠪᠢᠯᠨ᠃     ᠬᠤᠷᠢᠮ ᠤᠨ ᠰᠢᠷᠡᠭᠡ᠄     ᠬᠤᠷᠢᠮ ᠤᠨ ᠰᠢᠷᠡᠭᠡ ᠶᠢ ᠪᠠᠰᠠ ᠨᠠᠶᠢᠷ ᠤᠨ ᠰᠢᠷᠡᠭᠡ ᠭᠡᠳᠡᠭ᠃ ᠡᠨᠡ ᠨᠢ ᠱᠠᠭᠠᠨᠲᠤ ᠶᠢᠨ ᠰᠢᠷᠡᠭᠡ ᠲᠠᠢ ᠠᠳᠠᠯᠢ᠃ ᠰᠢᠷᠡᠭᠡᠨ ᠮᠡᠳᠡᠭᠦᠯᠦᠯᠲᠡ ᠲᠡᠬᠦᠰᠦᠮᠡᠭᠴᠡ   ᠬᠦᠦ ᠶᠢᠨ ᠠᠪᠤ ᠡᠵᠢ ᠨᠢ ᠰᠢᠷᠡᠭᠡ ᠪᠦᠬᠦᠨ ᠳᠤ ᠠᠷᠢᠬᠢ ᠨᠡᠷᠡᠨ ᠲᠠᠨᠢᠯᠴᠠᠳᠠᠭ᠃   ᠡᠨᠡ ᠬᠦ ᠨᠠᠶᠢᠷ ᠨᠢ ᠨᠢᠭᠡ ᠡᠳᠦᠷ ᠦᠷᠬᠦᠯᠵᠢᠯᠡᠨ᠎ᠡ᠃ ᠲᠠᠷᠠᠭ᠎ᠠ ᠨᠢ ᠬᠦᠷᠭᠡᠨ ᠠᠷᠢᠬᠢ ᠪᠠᠷᠢᠳᠠᠭ᠃ ᠨᠠᠶᠢᠷ ᠤᠨ ᠰᠢᠷᠡᠭᠡ ᠪᠠᠭᠤᠮᠠᠭᠴᠠ ᠬᠡᠦᠬᠡᠨ ᠤ ᠲᠠᠯ᠎ᠠ ᠠᠴᠠ ᠬᠠᠳᠠᠮ ᠠᠪᠤ ᠡᠵᠢ᠂ ᠮᠦᠷᠬᠦᠬᠦᠯᠦᠭᠰᠡᠨ ᠠᠪᠤ ᠡᠵᠢ ᠶᠢ ᠵᠠᠯᠠᠨ ᠦᠰᠦᠨ ᠴᠠᠢ ᠭᠡᠵᠤ ᠬᠡᠦᠬᠡᠨ ᠤ ᠭᠡᠷ ᠠᠴᠠ ᠠᠪᠴᠢᠷᠠᠭᠰᠠᠨ ᠴᠠᠢ ᠪᠠᠨ ᠴᠢᠨᠠᠵᠤ ᠲᠦᠷᠪᠡᠨ ᠨᠠᠰᠤᠲᠠᠨ ᠳᠠᠭᠠᠨ ᠴᠠᠢ ᠪᠠᠷᠢᠳᠠᠭ᠃ ᠰᠦᠨᠢ ᠶᠢᠨ ᠦᠰᠦᠨ ᠴᠠᠢ ᠶᠢᠨ ᠬᠠᠮᠲᠤ ᠮᠦᠷᠬᠦᠬᠦᠯᠦᠭᠰᠡᠨ ᠡᠵᠢ ᠨᠢ ᠮᠦᠷᠬᠦᠭᠰᠡᠨ ᠦᠬᠢᠨ ᠤ ᠪᠠᠨ ᠠᠪᠳᠠᠷ᠎ᠠ ᠶᠢ ᠨᠡᠭᠡᠭᠡᠵᠤ ᠬᠤᠪᠴᠠᠰᠤ ᠬᠤᠨᠠᠷ᠂ ᠱᠠᠬᠠᠢ ᠭᠤᠲᠤᠯ᠂ ᠤᠭᠤᠲᠠ ᠰᠢᠭᠤᠳᠠᠢ ᠵᠡᠷᠭᠡ ᠶᠢ ᠨᠢ ᠭᠡᠭᠡᠯᠲᠡ ᠦᠭᠡᠢ ᠦᠵᠡᠵᠤ᠂ ᠲᠢᠭᠯᠡᠨ ᠠᠪᠲᠠᠷᠠᠯᠠᠳᠠᠭ᠃ ᠡᠭᠦᠨ ᠢ ᠠᠪᠳᠠᠷ᠎ᠠ ᠨᠡᠭᠡᠭᠡᠬᠦ ᠭᠡᠳᠡᠭ᠃ ᠡᠨᠡ ᠨᠢ ᠦᠨᠡᠨ ᠳᠡᠭᠡᠨ ᠰᠢᠨ᠎ᠡ ᠪᠡᠷᠢ ᠬᠢᠷᠢ ᠵᠡᠷᠭᠡ ᠬᠤᠪᠴᠠᠰᠤ ᠵᠠᠰᠠᠯ ᠲᠠᠢ ᠢᠷᠡᠭᠰᠡᠨ ᠢ ᠤᠯᠠᠨ ᠳᠤ ᠦᠵᠡᠭᠦᠯᠵᠦ ᠪᠠᠶᠢᠬᠤ ᠤᠬᠠᠭᠠᠨ ᠲᠠᠢ ᠪᠢᠯᠠ᠃ ᠮᠦᠷᠬᠦᠬᠦᠯᠦᠭᠰᠡᠨ ᠡᠵᠢ ᠨᠢ ᠬᠡᠦᠬᠡᠨ ᠤ ᠠᠯᠢ ᠰᠠᠶᠢᠬᠠᠨ ᠬᠤᠪᠴᠠᠰᠤ ᠵᠠᠰᠠᠯ ᠪᠤᠶᠤ ᠭᠤᠲᠤᠯ ᠱᠠᠬᠠᠢ᠂ ᠤᠭᠤᠲᠠ ᠰᠢᠭᠤᠳᠠᠢ ᠠᠴᠠ ᠨᠢᠭᠡᠨ ᠵᠦᠢᠯ ᠢ ᠠᠪᠳᠠᠭ᠃ ᠡᠭᠦᠨ ᠢᠶᠠᠨ ᠭᠤᠷᠪᠠ ᠬᠤᠨᠤᠭ ᠤᠨ ᠬᠦᠰᠢᠭᠡ ᠶᠢᠨ ᠬᠤᠷᠢᠮ ᠲᠡᠭᠡᠷ᠎ᠡ ᠢᠷᠡᠬᠦ ᠳᠡᠭᠡᠨ ᠲᠡᠭᠡᠷ᠎ᠡ ᠨᠢ ᠪᠠᠰᠠ ᠨᠡᠮᠡᠯᠲᠡ ᠡᠳ᠋  ᠲᠠᠢ ᠪᠤᠴᠠᠭᠠᠨ ᠦᠭᠳᠡᠭ᠃ ᠡᠨᠡ ᠬᠦ ᠶᠠᠪᠤᠴᠠ ᠨᠢ ᠬᠡᠦᠬᠡᠨ ᠮᠦᠷᠬᠦᠬᠦᠯᠦᠭᠰᠡᠨ ᠡᠵᠢ ᠳᠡᠭᠡᠨ ᠬᠠᠶᠢᠷᠠᠲᠠᠢ ᠬᠤᠪᠴᠠᠰᠤ ᠵᠠᠰᠠᠯ ᠳᠠᠭᠠᠨ ᠠᠳᠠᠯᠢ ᠬᠠᠶᠢᠷ᠎ᠠ ᠰᠠᠨᠠᠯ ᠲᠠᠢ ᠶᠠᠪᠤᠭᠠᠰᠠᠢ ᠭᠡᠰᠡᠨ ᠰᠠᠨᠠᠭ᠎ᠠ ᠲᠠᠢ ᠭᠡᠨ᠎ᠡ᠃     ᠪᠡᠷᠢ ᠮᠦᠷᠭᠦᠬᠦ᠄     ᠬᠦᠷᠭᠡᠯᠲᠡ ᠶᠢᠨ ᠪᠡᠷᠭᠡᠨ ᠬᠡᠦᠬᠡᠨ ᠢᠶᠠᠨ ᠭᠡᠷ ᠤᠨ ᠠᠪᠤ ᠡᠵᠢ᠂ ᠰᠠᠳᠤᠨ ᠲᠦᠷᠦᠯ ᠳᠤᠨᠢ ᠮᠦᠷᠭᠦᠭᠦᠯᠳᠡᠭ᠃ ᠮᠦᠷᠭᠦᠯᠲᠡ ᠳᠤ ᠭᠤᠲᠤᠯ᠂ ᠱᠠᠬᠠᠢ᠂ ᠬᠠᠪᠲᠠᠭ᠎ᠠ ᠰᠢᠭᠤᠳᠠᠢ ᠵᠡᠷᠭᠡ ᠲᠠᠯᠪᠢᠳᠠᠭ᠃ ᠮᠦᠷᠭᠦᠯᠲᠡ ᠬᠦᠯᠢᠶᠡᠭᠰᠡᠳ ᠮᠤᠷᠢ ᠂ ᠦᠬᠡᠷ᠂ ᠬᠤᠨᠢ ᠬᠡᠬᠦᠴᠢᠯᠡᠨ ᠰᠢᠨ᠎ᠡ ᠪᠡᠷᠢ ᠶᠢ ᠱᠠᠩᠨᠠᠳᠠᠭ᠃ ᠬᠠᠮᠤᠭ ᠰᠡᠭᠦᠯ ᠳᠤᠨᠢ ᠬᠠᠳᠠᠮ ᠡᠵᠢ ᠨᠢ ᠰᠢᠨ᠎ᠡ ᠪᠡᠷᠢ ᠪᠠᠨ ᠳᠠᠭᠠᠭᠤᠯᠤᠨ ᠭᠠᠳᠠᠨ᠎ᠠ ᠭᠠᠷᠴᠤ ᠨᠤᠬᠠᠢ ᠳᠠᠭᠠᠨ ᠰᠡᠲᠡᠷ ᠵᠡᠭᠦᠯᠭᠡᠳᠡᠭ᠃ ᠨᠤᠬᠠᠢ ᠭᠡᠵᠤ ᠬᠦᠮᠦᠨ ᠴᠢᠨᠠᠷ  ᠲᠠᠢ ᠪᠠᠶᠢᠳᠠᠭ᠃ ᠰᠢᠨ᠎ᠡ ᠪᠡᠷᠢ ᠶᠢᠨ ᠰᠡᠲᠡᠷ ᠢ ᠵᠡᠭᠦᠭᠰᠡᠨ ᠤ ᠲᠠᠷᠠᠭ᠎ᠠ ᠰᠢᠨ᠎ᠡ ᠬᠦᠮᠦᠨ ᠢ ᠲᠠᠨᠢᠨ ᠠᠪᠴᠤ ᠬᠤᠴᠠᠵᠤ ᠬᠠᠵᠠᠬᠤ ᠦᠭᠡᠢ ᠪᠤᠯᠳᠠᠭ ᠠᠵᠢ᠃ ᠤᠷᠤᠢ ᠪᠦᠷᠦᠢ ᠶᠢᠨ ᠦᠶ᠎ᠡ ᠳᠤ ᠬᠠᠳᠠᠮ ᠡᠵᠢ ᠨᠢ ᠬᠦᠦ ᠪᠡᠷᠢ ᠪᠠᠨ ᠲᠠᠭᠠᠭᠤᠯᠵᠤ ᠲᠡᠭᠡᠳᠦᠰ ᠲᠡᠭᠡᠨ ᠳᠤᠶ᠋ᠢᠩ ᠲᠦᠯᠡᠰᠢ ᠦᠭᠴᠦ᠂ ᠬᠦᠦ ᠪᠡᠷᠢ ᠶᠢᠨ ᠨᠡᠷ᠎ᠡ ᠶᠢ ᠭᠡᠯᠡᠵᠤ ᠲᠠᠭᠠᠳᠬᠠᠨ᠎ᠠ᠃ ᠰᠢᠨ᠎ᠡ ᠪᠡᠷᠢ ᠶᠢᠨ ᠨᠡᠷ᠎ᠡ ᠲᠡᠭᠡᠳᠦᠰ ᠪᠤᠶᠤ ᠠᠬᠠᠮᠠᠳ ᠤᠨ ᠨᠡᠷ᠎ᠡ ᠲᠠᠪᠬᠤᠴᠠᠭᠰᠠᠨ ᠪᠠᠶᠢᠪᠠᠯ ᠡᠨᠡ ᠦᠶ᠎ᠡ ᠠᠴᠠ ᠡᠬᠢᠯᠡᠨ ᠰᠢᠨ᠎ᠡ ᠨᠡᠷ᠎ᠡ ᠬᠠᠯᠠᠨ᠎ᠠ᠃ ᠲᠡᠭᠦᠨ ᠤ ᠲᠠᠷᠠᠭ᠎ᠠ ᠬᠦᠷᠭᠡᠨ ᠢ ᠲᠡᠭᠦᠦ ᠨᠠᠷ ᠨᠢ ᠦᠭᠡᠷ᠎ᠡ ᠭᠡᠷ ᠲᠤ ᠨᠢᠭᠤᠳᠠᠭ᠃ ᠢᠩᠬᠢᠭᠡᠳ ᠰᠢᠨ᠎ᠡ ᠪᠡᠷᠢ ᠠᠴᠠ ᠰᠢᠬᠢᠷ   ᠪᠤᠤᠪᠤ ᠠᠪᠳᠠᠭ᠃ ᠡᠭᠦᠨ ᠢ ᠰᠢᠨ᠎ᠡ ᠪᠡᠷᠢ ᠶᠢᠨ ᠢᠴᠢᠮᠡᠲᠡᠬᠡᠢ ᠶᠢ ᠭᠠᠷᠭᠠᠬᠤ ᠭᠡᠳᠡᠭ᠃ ᠬᠦᠷᠭᠡᠯᠲᠡ ᠶᠢᠨ ᠪᠡᠷᠭᠡᠳ ᠲᠡᠭᠦᠦ ᠨᠠᠷ ᠤᠨ ᠬᠢᠨᠢ ᠨᠢᠭᠤᠭᠰᠠᠨ ᠬᠦᠷᠭᠡᠨ ᠢ ᠤᠯᠤᠭᠰᠠᠨ ᠤ ᠲᠠᠷᠠᠭ᠎ᠠ ᠬᠦᠷᠭᠡᠨ ᠤ ᠬᠤᠪᠴᠠᠰᠤ ᠶᠢ ᠲᠠᠶᠢᠯᠠᠵᠤ ᠤᠷᠤᠨ ᠳᠤᠨᠢ ᠤᠷᠤᠭᠤᠯᠤᠭᠰᠠᠨ ᠤ ᠬᠤᠶᠢᠨ᠎ᠠ ᠬᠡᠦᠬᠡᠨ ᠢᠶᠠᠨ ᠬᠦᠷᠭᠡᠨ ᠤ ᠡᠪᠦᠷ ᠲᠤ ᠤᠷᠤᠭᠤᠯᠵᠤ ᠬᠦᠷᠭᠡᠯᠲᠡ ᠶᠢᠨ ᠪᠡᠷᠭᠡᠳ ᠬᠡᠦᠬᠡᠨ ᠢ ᠰᠢᠬᠠᠨ ᠲᠠᠷᠤᠵᠤ ᠤᠨᠲᠠᠳᠠᠭ᠃ ᠡᠨᠡ ᠨᠢ ᠲᠡᠷᠡ ᠦᠶ᠎ᠡ ᠶᠢᠨ ᠤᠷᠤᠭ ᠨᠢ ᠠᠯᠪᠠᠳᠠᠯᠭ᠎ᠠ ᠶᠢᠨ ᠤᠷᠤᠭ ᠭᠡᠳᠡᠭ ᠢ ᠬᠠᠷᠠᠭᠤᠯᠵᠤ ᠪᠠᠶᠢᠨ᠎ᠠ᠃ ᠭᠡᠪᠡᠴᠤ ᠬᠡᠦᠬᠡᠨ ᠬᠦᠮᠦᠨ ᠡᠴᠢᠭᠡ ᠡᠭᠡ  ᠶᠢᠨ ᠦᠭᠡ ᠶᠢ ᠰᠤᠨᠤᠰᠴᠤ ︽ᠮᠤᠳᠤ ᠲᠠᠢ ᠬᠤᠯᠪᠤᠪᠠᠯ ᠵᠤᠭᠰᠤᠵᠤ᠂ ᠮᠤᠷᠢ ᠲᠠᠢ ᠬᠤᠯᠪᠤᠪᠠᠯ ᠱᠤᠭᠰᠢᠨ᠎ᠠ︾ ᠭᠡᠳᠡᠭ ᠢᠶᠠᠷ ᠶᠠᠮᠠᠷ ᠬᠦᠷᠭᠡᠨ ᠲᠠᠢ ᠲᠠᠭᠠᠷᠠᠭᠰᠠᠨ ᠴᠤ ᠨᠠᠰᠤᠨ ᠲᠤᠷᠰᠢ ᠬᠠᠮᠲᠤ ᠠᠮᠢᠳᠤᠷᠠᠳᠠᠭ᠃ ᠲᠠᠷᠠᠭ᠎ᠠ ᠦᠷᠯᠦᠭᠡ  ᠨᠢ ᠨᠠᠷᠠᠨ ᠠᠴᠠ ᠡᠮᠦᠨ᠎ᠡ ᠪᠤᠰᠴᠤ ᠬᠠᠳᠠᠮ ᠡᠵᠢ ᠨᠢ ᠰᠢᠨ᠎ᠡ ᠪᠡᠷᠢ ᠪᠠᠨ ᠲᠠᠭᠠᠭᠤᠯᠵᠤ ᠦᠨᠡᠰᠦ ᠬᠤᠭ ᠭᠡᠭᠡᠵᠦ ᠴᠠᠢ ᠴᠢᠨᠠᠳᠠᠭ᠃ ᠦᠨᠡᠰᠦ ᠬᠤᠭ ᠢ ᠲᠤᠰ ᠲᠤᠰ ᠲᠤᠨᠢ ᠬᠠᠶᠠᠬᠤ ᠲᠤᠰᠬᠠᠢ ᠤᠷᠤᠨ ᠲᠠᠢ᠃ ᠦᠨᠡᠰᠦ ᠶᠢ ᠭᠡᠷ ᠠᠴᠠ ᠪᠠᠷᠠᠭᠤᠨ ᠡᠮᠦᠨ᠎ᠡ ᠮᠤᠷᠢᠨ ᠤᠶᠠᠭᠠᠨ ᠤ ᠭᠠᠳᠠᠨ᠎ᠠ ᠤᠪᠤᠭᠠᠯᠠᠵᠤ᠂ ᠬᠤᠭ ᠢ ᠭᠡᠷ ᠤᠨ ᠵᠡᠭᠦᠨ ᠡᠮᠦᠨ᠎ᠡ ᠮᠦᠨ ᠮᠤᠷᠢᠨ ᠤᠶᠠᠭᠠᠨ ᠤ ᠭᠠᠳᠠᠨ᠎ᠠ ᠤᠪᠤᠭᠠᠯᠠᠳᠠᠭ᠃ ᠮᠤᠩᠭᠤᠯ ᠤᠨᠢᠰᠤᠭ᠎ᠠ ᠳᠤ ︽ᠭᠡᠷ ᠭᠡᠷ ᠤᠨ ᠡᠮᠦᠨ᠎ᠡ ᠬᠦᠬᠡ ᠪᠤᠬ᠎ᠠ᠂ ᠭᠡᠷ ᠭᠡᠷ ᠤᠨ ᠡᠮᠦᠨ᠎ᠡ ᠬᠤᠸᠠ ᠪᠤᠬ᠎ᠠ︾ ᠭᠡᠳᠡᠭ ᠨᠢ ᠡᠨᠡ ᠪᠢᠯᠠ᠃     ᠬᠡᠤᠬᠡᠨ ᠲᠤᠰᠢᠶᠠᠬᠤ᠄     ᠬᠤᠨᠤᠭᠰᠠᠨ ᠤᠷᠤᠭ ᠤᠨ ᠲᠠᠶᠢᠯᠠᠯᠲᠠ ᠨᠡᠯᠢᠶᠡᠳ ᠶᠠᠪᠤᠭᠳᠠᠮᠠᠭᠴᠠ ᠬᠤᠷᠢᠮ ᠲᠦᠷᠦ ᠶᠢᠨ ᠲᠠᠯ᠎ᠠ ᠶᠢᠨ ᠬᠤᠶᠠᠷ ᠲᠠᠭᠠᠭᠠᠮᠠᠯ ᠬᠡᠯᠡᠯᠴᠡᠵᠤ ᠤᠷᠤᠭ ᠪᠤᠴᠠᠬᠤ ᠪᠠᠷ ᠪᠤᠯᠳᠠᠭ᠃ ᠡᠨᠡ ᠦᠶ᠎ᠡ ᠳᠤ ᠬᠦᠦ ᠶᠢᠨ ᠲᠠᠯ᠎ᠠ ᠶᠢᠨ ᠳᠠᠭᠠᠭᠠᠮᠠᠯ ᠠᠴᠠ ᠄ ︽ᠤᠷᠤᠭᠰᠠᠨ ᠪᠤᠷᠤᠭ᠎ᠠ ᠠᠷᠢᠯᠵᠤ᠂ ᠢᠷᠡᠭᠰᠡᠨ ᠤᠷᠤᠭ ᠪᠤᠴᠠᠬᠤ ᠪᠤᠯᠵᠠᠢ᠃ ᠬᠡᠦᠬᠡᠳ ᠡ᠂ ᠬᠠᠷᠭᠠᠨ᠎ᠠ ᠶᠢᠨ ᠱᠦᠭᠦᠷ ᠪᠡᠯᠡᠳᠭᠡ︾ ᠭᠡᠵᠤ ᠶᠡᠭᠡ ᠲᠠᠭᠤ ᠪᠠᠷ ᠤᠷᠤᠭ ᠪᠤᠴᠠᠬᠤ ᠶᠢ ᠲᠤᠩᠬᠠᠭᠯᠠᠳᠠᠭ᠃ ᠡᠨᠡ ᠦᠶ᠎ᠡ ᠳᠤ ᠬᠡᠦᠬᠡᠨ ᠤ ᠲᠠᠯ᠎ᠠ ᠠᠴᠠ ᠬᠤᠳᠠ ᠬᠤᠳᠠᠭᠠᠢ ᠪᠠᠨ ᠬᠡᠦᠬᠡᠨ ᠤ ᠲᠡᠷᠭᠡᠳᠡ ᠵᠠᠯᠠᠨ ᠰᠠᠭᠤᠯᠭᠠᠵᠤ᠂ ᠬᠡᠦᠬᠡᠨ ᠢᠶᠠᠨ ᠲᠤᠰᠢᠶᠠᠨ᠎ᠠ᠃     ᠦᠭᠡᠯᠡᠭᠦᠷ ᠬᠠᠶᠢᠴᠢ ᠶᠢ ᠠᠳᠬᠤᠭᠠᠳᠤᠢ     ᠦᠭᠡᠳᠡᠩ ᠲᠤᠷᠭ᠎ᠠ ᠶᠢ ᠡᠰᠭᠡᠭᠡᠳᠦᠢ     ᠦᠬᠢᠨ ᠪᠠᠭ᠎ᠠ ᠦᠷ᠎ᠡ ᠪᠠᠨ     ᠬᠤᠳᠠ ᠬᠤᠳᠠᠭᠠᠢ ᠳᠠᠭᠠᠨ ᠲᠤᠰᠢᠶᠠᠵᠤ ᠪᠠᠶᠢᠨ᠎ᠠ᠃     ᠬᠠᠶᠢᠯᠠᠭᠤᠷ ᠬᠠᠶᠢᠴᠢ ᠶᠢ ᠪᠠᠷᠢᠭᠠᠳᠤᠢ     ᠬᠠᠶᠢᠯᠠᠩ ᠲᠤᠷᠭ᠎ᠠ ᠪᠠᠨ ᠤᠶᠤᠭᠠᠳᠤᠢ     ᠬᠠᠶᠢᠷᠠᠲᠤ ᠪᠠᠭ᠎ᠠ ᠬᠡᠦᠬᠡᠨ ᠢᠶᠠᠨ     ᠬᠤᠳᠠᠭᠠᠢ ᠬᠤᠳᠠ ᠳᠠᠭᠠᠨ ᠲᠤᠰᠢᠶᠠᠵᠤ ᠪᠠᠶᠢᠨ᠎ᠠ ᠭᠡᠳ ᠯᠡ ᠲᠠᠭᠤᠴᠢᠳ ᠠᠴᠠ ᠬᠡᠦᠬᠡᠨ ᠲᠤᠰᠢᠶᠠᠬᠤ ᠳᠠᠭᠤᠤ ᠲᠠᠭᠤᠯᠠᠳᠠᠭ᠃     ᠬᠦᠷᠡᠭᠴᠢ ᠦᠨᠢᠶ᠎ᠡ ᠲᠤᠭᠤᠯ ᠲᠠᠢ ᠨᠢ     ᠬᠦᠷᠢᠶᠡᠨ ᠲᠤᠮᠳᠠ ᠴᠢᠨᠢ ᠲᠠᠯᠪᠢᠯ᠎ᠠ᠂     ᠬᠤᠷᠢᠭᠠᠳ ᠠᠪᠤᠨ᠎ᠠ ᠤᠤ᠂ ᠬᠦᠭᠡᠭᠡᠭᠡᠳ ᠶᠠᠪᠤᠭᠤᠯᠤᠨ᠎ᠠ ᠤᠤ︖     ᠬᠤᠳᠠ ᠬᠤᠳᠠᠭᠠᠢ ᠦᠪᠡᠷ ᠲᠡᠭᠡᠨ ᠮᠡᠳᠡ︕       ᠬᠡᠦᠬᠡᠨ ᠪᠠᠭ᠎ᠠ ᠦᠷ᠎ᠡ ᠪᠠᠨ     ᠬᠦᠷᠭᠡᠭᠡᠳ ᠢᠷᠡᠯ᠎ᠡ᠂ ᠬᠤᠳᠠ ᠬᠤᠳᠠᠭᠠᠢ     ᠬᠡᠦᠬᠡᠨ ᠢᠶᠠᠨ ᠬᠢᠨ᠎ᠡ ᠤᠤ᠂ ᠬᠦᠪᠡᠭᠡᠳ ᠢᠶᠠᠨ ᠬᠢᠨ᠎ᠡ ᠤᠤ     ᠬᠤᠳᠠ ᠬᠤᠳᠠᠭᠠᠢ ᠦᠪᠡᠷ ᠲᠡᠭᠡᠨ ᠮᠡᠳᠡ ᠭᠡᠭᠰᠡᠭᠡᠷ ᠬᠡᠦᠬᠡᠨ ᠡᠷᠭᠢᠬᠦ ᠡᠷᠭᠢᠯᠲᠡ ᠶᠢᠨ ᠡᠳᠦᠷ ᠢᠶᠠᠨ ᠲᠤᠭᠲᠠᠭᠠᠳ ᠪᠤᠴᠠᠳᠠᠭ᠃     ᠬᠡᠦᠬᠡᠨ ᠢ ᠪᠤᠷᠤᠭᠤ ᠬᠠᠨᠳᠤᠭᠤᠯᠤᠨ ᠰᠠᠭᠤᠯᠭᠠᠵᠤ᠂ ᠬᠤᠷᠮᠤᠢ ᠶᠢ ᠨᠢ ᠴᠢᠯᠠᠭᠤ ᠪᠠᠷ ᠲᠠᠷᠤᠨ ᠮᠦᠷᠬᠦᠬᠦᠯᠦᠭᠰᠡᠨ ᠡᠵᠢ ᠨᠢ ᠵᠠᠬ᠎ᠠ ᠳᠤᠨᠢ ᠰᠠᠭᠤᠳᠠᠭ᠃ ᠬᠡᠦᠬᠡᠨ ᠨᠠᠰᠤ ᠪᠠᠭ᠎ᠠ ᠮᠦᠷᠲᠡᠭᠡᠨ ᠲᠠᠨᠢᠵᠤ ᠮᠡᠳᠡᠭᠦ ᠦᠭᠡᠢ ᠭᠠᠵᠠᠷ ᠠᠯᠪᠠᠳᠠᠯᠭ᠎ᠠ ᠪᠠᠷ ᠤᠴᠢᠭᠰᠠᠨ ᠲᠤᠯᠠ ᠬᠦᠷᠭᠡᠯᠲᠡ ᠳᠤ ᠤᠴᠢᠭᠰᠠᠨ ᠡᠵᠢ ᠨᠢ ᠬᠡᠦᠬᠡᠨ ᠢᠶᠠᠨ ᠲᠠᠭᠠᠵᠤ ᠰᠠᠭᠤᠳᠠᠭ᠃ ᠭᠠᠵᠠᠷ ᠤᠶᠢᠷ᠎ᠠ ᠪᠤᠯ ᠭᠤᠷᠪᠠ ᠬᠤᠨᠤᠭᠠᠳ ᠪᠤᠴᠠᠨ᠎ᠠ᠃ ᠵᠠᠮ ᠬᠤᠯᠠ ᠪᠤᠯ ᠨᠡᠯᠢᠶᠡᠳ ᠡᠳᠦᠷ ᠪᠤᠯᠳᠠᠭ᠃ ᠬᠦᠷᠭᠡᠯᠲᠡ ᠶᠢᠨ ᠨᠤᠶᠠᠳ ᠲᠦᠰᠢᠮᠡᠳ ᠮᠤᠷᠢᠨ ᠳᠠᠭᠠᠨ ᠮᠤᠷᠳᠠᠨ ᠬᠦᠷᠭᠡᠨ ᠤ ᠭᠡᠷ ᠵᠦᠭ ᠬᠠᠨᠳᠤᠨ ᠵᠤᠭᠰᠤᠳᠠᠭ᠃ ᠡᠨᠡ ᠨᠢ ᠲᠦᠷᠦᠭᠡᠨ ᠠᠷᠢᠬᠢ ᠠᠪᠬᠤ ᠶᠤᠰᠤᠨ ᠪᠠᠶᠢᠭ᠎ᠠ ᠪᠢᠯᠠ᠃ ᠬᠦᠷᠭᠡᠨ ᠤ ᠲᠠᠯ᠎ᠠ ᠠᠴᠠ ᠰᠠᠶᠢᠨ ᠮᠤᠷᠢᠲᠠᠨ ᠢ ᠪᠡᠯᠡᠬᠡᠨ ᠪᠤᠯᠭᠠᠭᠰᠠᠨ ᠤ ᠲᠠᠷᠠᠭ᠎ᠠ ᠠᠶᠠᠭ᠎ᠠ ᠪᠤᠶᠤ ᠴᠤᠮᠤ ᠪᠠᠷ ᠠᠷᠢᠬᠢ ᠪᠠᠷᠢᠳᠠᠭ᠃ ᠤᠷᠤᠭ ᠠᠷᠢᠬᠢ ᠲᠤᠰᠤᠨ ᠠᠪᠴᠤ ᠮᠤᠷᠢᠨ ᠮᠤᠡᠳᠠᠭ᠎ᠠ ᠲᠡᠭᠡᠷ᠎ᠡ ᠴᠢᠳᠬᠤᠨ ᠠᠮᠠ ᠬᠦᠷᠦᠭᠰᠡᠨ ᠤ ᠲᠠᠷᠠᠭ᠎ᠠ ᠠᠷᠢᠬᠢᠨ ᠰᠠᠪᠠ ᠶᠢ ᠠᠪᠴᠤ ᠲᠤᠲᠠᠭᠠᠳᠠᠭ᠃ ᠡᠨᠡ ᠦᠶ᠎ᠡ ᠳᠤ ᠪᠡᠯᠡᠳᠭᠡᠯ ᠲᠠᠢ ᠪᠠᠶᠢᠭᠰᠠᠨ ᠵᠠᠯᠠᠭᠤᠴᠤᠳ ᠮᠤᠷᠢ ᠲᠤᠪᠳᠤᠯᠭᠠᠨ ᠨᠡᠬᠡᠵᠤ᠂ ᠮᠤᠷᠢᠨ ᠤ ᠲᠦᠷᠭᠡᠨ ᠭᠦᠶᠦᠳᠡᠯ ᠢ ᠭᠠᠶᠢᠬᠠᠭᠤᠯᠤᠨ᠂ ᠵᠠᠯᠠᠭᠤᠴᠤᠳ ᠤᠷᠢ ᠴᠢᠳᠠᠪᠤᠷᠢ ᠪᠠᠨ ᠮᠦᠴᠡᠭᠡᠷᠭᠡᠳᠡᠭ᠃ ᠨᠠᠢᠮᠠᠨ ᠤ ᠬᠤᠷᠢᠮ ᠡᠶᠢᠮᠦ ᠯᠡ ᠰᠠᠶᠢᠬᠠᠨ᠂ ᠲᠡᠶᠢᠮᠦ ᠯᠡ ᠬᠦᠷ ᠨᠠᠶᠢᠷ ᠲᠠᠢ ᠪᠠᠶᠢᠳᠠᠭ᠃ ᠡᠨᠡ ᠨᠢ ᠨᠠᠢᠮᠠᠨ ᠤ ᠮᠤᠩᠭᠤᠯᠴᠤᠳ ᠤᠨ ᠡᠷᠲᠡᠨ ᠠᠴᠠ ᠠᠪᠤᠭᠠᠳ ᠤᠯᠠᠮᠵᠢᠯᠠᠨ ᠢᠷᠡᠭᠰᠡᠨ ᠰᠤᠶᠤᠯ ᠪᠤᠯᠪᠠᠰᠤᠷᠠᠯ ᠲᠠᠢ᠂ ᠡᠷᠬᠢᠮ ᠶᠤᠰᠤᠷᠬᠠᠭ ᠵᠠᠩ ᠵᠠᠩᠰᠢᠯ ᠲᠠᠢ ᠭᠡᠳᠡᠭ ᠢ ᠬᠠᠷᠠᠭᠤᠯᠵᠤ ᠪᠤᠢ᠃     ᠬᠡᠦᠬᠡᠨ ᠡᠷᠬᠢᠬᠦ᠄     ᠬᠤᠳᠠ ᠤᠷᠤᠭ ᠬᠤᠶᠠᠷ ᠲᠠᠯ᠎ᠠ ᠠᠴᠠ ᠬᠡᠯᠡᠯᠴᠡᠨ ᠲᠤᠭᠲᠠᠭᠰᠠᠨ ᠡᠳᠦᠷ ᠲᠡᠭᠡᠨ ᠬᠡᠦᠬᠡᠨ ᠤ ᠲᠠᠯ᠎ᠠ ᠠᠴᠠ ᠦᠬᠢᠨ ᠢᠶᠠᠨ ᠦᠵᠡᠬᠦ ᠪᠠᠷ ᠭᠤᠤᠯ ᠪᠤᠯᠬᠤ ᠤᠶᠢᠷ᠎ᠠ ᠲᠦᠷᠦᠯ᠂ ᠤᠷᠤᠭ ᠰᠠᠳᠤᠨ ᠨᠢ ᠬᠦᠷᠦᠯᠴᠡᠨ ᠢᠷᠡᠳᠡᠭ᠃ ᠪᠠᠶᠠᠳ ᠨᠤᠶᠠᠳ ᠪᠤᠯ ᠦᠬᠢᠨ ᠳᠤ ᠦᠭᠭᠦᠭᠰᠡᠨ ᠦᠮᠴᠢ ᠮᠠᠯ᠂ ᠡᠷᠭᠢᠯᠲᠡ ᠶᠢᠨ ᠮᠠᠯ ᠭᠡᠳ ᠰᠦᠷᠦᠭ ᠢᠶᠠᠷ ᠲᠠᠭᠤᠳᠠᠭ ᠃ ᠡᠩ ᠤᠨ ᠠᠶᠢᠯ ᠨᠢ ᠴᠤ ᠪᠦᠬᠦᠯᠢ ᠰᠢᠭᠦᠰᠦ᠂ ᠤᠭᠤᠴᠠ᠂ ᠡᠪᠴᠢᠭᠦᠦ᠂ ᠬᠠᠭᠠᠷᠢᠭᠰᠠᠨ ᠰᠢᠯᠤᠬᠡᠢ ᠪᠤᠤᠪᠤ  ᠂ ᠡᠷᠢᠶᠡᠨ ᠪᠤᠷᠴᠠᠭ ᠲᠠᠢ ᠮᠠᠡᠲᠠᠤ᠂ ᠨᠠᠷᠢᠯᠢᠭ   ᠬᠢᠴᠠ ᠲᠠᠢ ᠪᠤᠤᠪᠤ ᠪᠤᠭᠤᠷᠰᠤᠭ ᠲᠠᠢ᠂ ᠬᠡᠦᠬᠡᠨ ᠤ ᠦᠮᠴᠢ ᠮᠠᠯ ᠲᠠᠢ ᠢᠷᠡᠵᠤ᠂ ᠭᠤᠤᠯ ᠰᠢᠷᠡᠭᠡᠨ ᠲᠡᠭᠡᠷ᠎ᠡ ᠤᠷᠤᠭ ᠬᠤᠳᠠ ᠭᠤᠤᠯᠳᠠᠨ ᠰᠠᠭᠤᠵᠤ ᠨᠠᠶᠢᠷᠯᠠᠳᠠᠭ᠃ ᠡᠷᠭᠢᠯᠲᠡ ᠪᠤᠴᠠᠬᠤ ᠳᠤ ᠬᠡᠦᠬᠡᠨ ᠠᠴᠠ ᠡᠷᠭᠢᠯᠲᠡ ᠳᠤ ᠢᠷᠡᠭᠰᠡᠨ ᠬᠦᠮᠦᠨ ᠪᠦᠬᠦᠨ ᠳᠤ ᠰᠢᠭᠤᠳᠠᠢ ᠵᠡᠭᠦᠯᠭᠡᠳᠡᠭ᠃ ᠡᠨᠡ ᠨᠢ ᠲᠤᠷᠠᠰᠬᠠᠯ ᠮᠦᠷᠲᠡᠭᠡᠨ ᠲᠠᠬᠢᠨ ᠢᠷᠡᠭᠡᠷᠡᠢ ᠭᠡᠰᠡᠨ ᠤᠳᠬ᠎ᠠ ᠲᠠᠢ ᠭᠡᠨ᠎ᠡ᠃ ᠡᠷᠭᠢᠯᠲᠡ ᠳᠤ ᠢᠷᠡᠭᠰᠡᠨ ᠤᠭᠤᠲᠠ᠂ ᠰᠠᠪᠠ ᠪᠦᠬᠦᠨ ᠢ ᠬᠤᠭᠤᠰᠤᠯᠠᠬᠤ ᠦᠭᠡᠢ ᠭᠡᠵᠤ ᠵᠤᠬᠢᠬᠤ ᠬᠡᠮᠵᠢᠶᠡᠨ ᠤ ᠪᠤᠤᠪᠤ ᠪᠤᠭᠤᠷᠰᠤᠭ ᠦᠯᠡᠳᠡᠭᠡᠳᠡᠭ᠃ ᠨᠠᠶᠢᠷ ᠤᠨ ᠰᠢᠷᠡᠭᠡᠨ ᠲᠡᠭᠡᠷ᠎ᠡ ᠬᠦᠷᠭᠡᠨ ᠬᠡᠦᠬᠡᠨ ᠬᠠᠳᠠᠮ ᠤᠨ ᠪᠤᠷᠬᠠᠨ ᠳᠤ ᠬᠡᠵᠢᠶ᠎ᠡ ᠮᠦᠷᠭᠦᠬᠦ ᠪᠠᠷ ᠬᠠᠷᠢᠬᠤ  ᠶᠢ ᠲᠤᠭᠲᠠᠭᠠᠳᠠᠭ᠃ ᠬᠠᠪᠤᠷ ᠵᠤᠨ ᠭᠡᠷᠯᠡᠪᠡᠯ ᠨᠠᠮᠤᠷ ᠤᠨ ᠰᠡᠭᠦᠯ᠂ ᠡᠪᠦᠯ ᠤᠨ ᠡᠬᠢ ᠪᠠᠷ ᠪᠤᠴᠠᠳᠠᠭ᠃ ᠨᠠᠮᠤᠷ ᠡᠪᠦᠯ ᠭᠡᠷᠯᠡᠪᠡᠯ ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠯᠠ ᠪᠤᠴᠠᠳᠠᠭ᠃     ᠬᠦᠷᠭᠡᠨ ᠬᠡᠦᠬᠡᠨ ᠬᠠᠳᠠᠮ ᠤᠨ ᠭᠤᠤᠯ ᠭᠡᠷ ᠤᠨ ᠪᠤᠷᠬᠠᠨ ᠳᠤ ᠮᠦᠷᠬᠦᠭᠰᠡᠨ ᠤ ᠲᠠᠷᠠᠭ᠎ᠠ ᠬᠡᠦᠬᠡᠨ ᠤ ᠲᠠᠯ᠎ᠠ ᠶᠢᠨ ᠤᠶᠢᠷ᠎ᠠ ᠲᠦᠷᠦᠯ ᠢᠶᠠᠷ ᠢᠶᠠᠨ ᠰᠢᠨ᠎ᠡ ᠬᠦᠷᠭᠡᠨ ᠲᠠᠨᠢᠯᠴᠠᠭᠤᠯᠵᠤ ᠲᠤᠭᠤᠷᠢᠳᠠᠭ᠃ ᠬᠦᠷᠭᠡᠨ ᠬᠡᠦᠬᠡᠨ ᠭᠡᠷ ᠲᠡᠭᠡᠨ ᠪᠤᠴᠠᠬᠤ ᠦᠶ᠎ᠡ ᠳᠤ ᠲᠠᠨᠢᠯᠴᠠᠨ ᠲᠤᠭᠤᠷᠢᠭᠰᠠᠨ ᠭᠡᠷ ᠪᠦᠬᠦᠨ ᠠᠴᠠ ᠬᠡᠦᠬᠡᠨ ᠢᠶᠠᠨ ᠭᠡᠷ ᠲᠤᠨᠢ ᠠᠪᠠᠴᠢᠵᠤ ᠦᠭᠬᠦ ᠭᠡᠵᠤ ᠪᠠᠰᠠ ᠡᠷᠭᠢᠯᠲᠡ ᠶᠢᠨ ᠪᠡᠯᠡᠭ ᠲᠠᠢ ᠤᠴᠢᠳᠠᠭ᠃     ᠬᠡᠦᠬᠡᠨ ᠵᠢᠭᠡᠯᠡᠬᠦ᠄     ᠬᠡᠦᠬᠡᠨ ᠵᠢᠭᠡᠯᠡᠬᠦ ᠶᠢ ᠪᠠᠰᠠ ᠬᠡᠦᠬᠡᠨ ᠰᠠᠭᠤᠳᠠᠯ ᠳᠤ ᠰᠠᠭᠤᠬᠤ ᠭᠡᠳᠡᠭ᠃ ᠡᠨᠡ ᠨᠢ ᠰᠢᠨ᠎ᠡ ᠭᠡᠷᠯᠡᠭᠰᠡᠨ ᠬᠡᠦᠬᠡᠨ ᠲᠦᠷᠬᠦᠮ ᠤᠨ ᠭᠡᠷ ᠲᠡᠭᠡᠨ ᠪᠤᠷᠬᠠᠨ ᠳᠤ ᠮᠦᠷᠭᠦᠭᠰᠡᠨ ᠤ ᠲᠠᠷᠠᠭ᠎ᠠ ᠬᠡᠦᠬᠡᠨ ᠤ ᠭᠡᠷ ᠤᠨ ᠬᠦᠮᠦᠰ ᠨᠢ ᠬᠦᠷᠭᠡᠨ ᠤ ᠲᠠᠯ᠎ᠠ ᠳᠤ ᠬᠦᠷᠴᠤ ᠬᠡᠦᠬᠡᠨ ᠢᠶᠠᠨ ᠵᠢᠭᠡᠯᠡᠳᠡᠭ᠃ ᠵᠢᠭᠡᠯᠡᠭᠳᠡᠨ ᠢᠷᠡᠭᠰᠡᠨ ᠬᠡᠦᠬᠡᠨ ᠤ ᠠᠵᠢᠯ ᠲᠤᠩ ᠶᠠᠭᠠᠷᠠᠤ ᠮᠦᠷᠲᠡᠭᠡᠨ ᠬᠦᠨᠳᠦ ᠪᠠᠶᠢᠳᠠᠭ᠃ ᠲᠠᠷᠤᠢ ᠬᠠᠳᠠᠮ ᠤᠨ ᠠᠪᠤ ᠡᠵᠢ᠂ ᠠᠬ᠎ᠠ ᠲᠡᠭᠦᠦ ᠲᠡᠷᠢᠬᠦᠲᠡᠢ ᠬᠦᠮᠦᠨ ᠪᠦᠬᠦᠨ ᠳᠤ ᠭᠤᠲᠤᠯ ᠱᠠᠬᠠᠢ ᠤᠶᠤᠵᠤ ᠪᠡᠯᠡᠳᠭᠡᠳᠡᠭ᠃ ᠬᠡᠦᠬᠡᠨ ᠤ ᠰᠠᠭᠤᠳᠠᠯ ᠳᠤ ᠰᠠᠭᠤᠬᠤ ᠬᠤᠭᠤᠴᠠᠭ᠎ᠠ ᠨᠢ ᠲᠤᠭᠲᠠᠮᠠᠯ ᠪᠢᠰᠢ ᠂ ᠵᠠᠷᠢᠮ ᠨᠢ ᠬᠡᠳᠦᠨ ᠰᠠᠷ᠎ᠠ᠂ ᠵᠠᠷᠢᠮ ᠨᠢ ᠬᠡᠳᠦᠨ ᠠᠷᠪᠠᠨ ᠡᠳᠦᠷ ᠪᠠᠶᠢᠳᠠᠭ᠃ ᠬᠡᠦᠬᠡᠨ ᠬᠦᠷᠭᠡᠨ ᠲᠦᠷᠬᠦᠮ ᠤᠨ ᠪᠤᠷᠬᠠᠨ ᠳᠤ ᠮᠦᠷᠭᠦᠭᠰᠡᠨ ᠨᠢ ᠤᠷᠤᠢ ᠪᠤᠶᠤ ᠪᠤᠰᠤᠳ ᠰᠢᠯᠲᠠᠭᠠᠨ ᠠᠴᠠ ᠬᠡᠦᠬᠡᠨ ᠢᠶᠠᠨ ᠵᠢᠭᠡᠯᠡᠭᠰᠡᠨ ᠨᠢ ᠤᠷᠤᠢ ᠰᠢᠭ᠋ ᠪᠤᠯᠵᠤ᠂ ᠬᠡᠦᠬᠡᠨ ᠨᠢ ᠲᠠᠪᠬᠤᠷ ᠲᠠᠢ ᠪᠤᠯᠤᠭᠰᠠᠨ ᠪᠤᠯ ᠵᠢᠭᠡᠯᠡᠭᠰᠡᠨ ᠬᠡᠦᠬᠡᠨ ᠤ ᠰᠠᠭᠤᠳᠠᠯ ᠳᠤ ᠰᠠᠭᠤᠬᠤ ᠨᠢ ᠤᠬᠤᠷ ᠪᠠᠶᠢᠳᠠᠭ᠃ ᠲᠤᠬᠠᠢ ᠶᠢᠨ ᠦᠶ᠎ᠡ ᠳᠤ ᠬᠠᠷᠢ ᠳᠤ ᠮᠤᠷᠳᠠᠭᠰᠠᠨ ᠬᠡᠦᠬᠡᠨ ᠭᠡᠷ ᠲᠡᠭᠡᠨ ᠬᠦᠡᠭᠭᠡᠵᠢᠬᠦ ᠶᠢ ᠲᠤᠩ ᠴᠡᠭᠡᠷᠯᠡᠨ᠎ᠡ᠃     ᠰᠠᠭᠤᠳᠠᠯ ᠳᠤ ᠰᠠᠭᠤᠭᠰᠠᠨ ᠬᠡᠦᠬᠡᠨ ᠤ ᠬᠤᠶᠢᠨ᠎ᠠ ᠠᠴᠠ ᠬᠦᠷᠭᠡᠨ ᠨᠢ ᠤᠴᠢᠵᠤ ᠦᠵᠡᠳᠡᠭ᠃ ᠡᠨᠡ ᠦᠶ᠎ᠡ ᠳᠤ ᠬᠡᠦᠬᠡᠨ ᠤ ᠪᠤᠴᠠᠬᠤ ᠡᠳᠦᠷ ᠢ ᠲᠤᠭᠲᠠᠭᠠᠳᠠᠭ᠃ ᠰᠠᠶ᠋ᠢ ᠰᠠᠭᠤᠳᠠᠯ ᠳᠤ ᠰᠠᠭᠤᠭᠰᠠᠨ ᠬᠡᠦᠬᠡᠨ ᠢ ᠤᠯᠠᠨ ᠬᠦᠮᠦᠨ᠂ ᠶᠡᠭᠡ ᠡᠷᠭᠢᠯᠲᠡ ᠲᠠᠢ ᠬᠦᠷᠭᠡᠨ ᠤ ᠲᠠᠯ᠎ᠠ ᠳᠤ ᠬᠦᠷᠭᠡᠨ ᠤᠴᠢᠵᠤ ᠨᠠᠶᠢᠷᠯᠠᠳᠠᠭ᠃ ᠡᠶᠢᠨ ᠬᠦ ᠤᠷᠤᠭ ᠤᠨ ᠪᠦᠬᠦ ᠬᠤᠷᠢᠮ ᠵᠢᠷᠭᠠᠨ᠎ᠠ᠃     ︵ᠬᠠᠩᠳᠠᠭᠤᠳ ᠤᠰᠤᠨᠪᠣᠳᠤᠭ ᠡᠮᠬᠢᠳᠭᠡᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号