ᠨᠠᠢᠮᠠᠨ ᠮᠤᠩᠭᠤᠯᠴᠤᠳ ᠠᠩᠬ᠎ᠠ ᠲᠦᠷᠦᠭᠰᠡᠨ ᠭᠡᠤᠭᠡᠳ ᠢ ᠨᠢᠭᠡ ᠨᠠᠰᠤᠲᠠᠢ ᠭᠡᠵᠤ ᠦᠵᠡᠳᠡᠭ᠃ ᠭᠡᠬᠦ ᠳᠡᠭᠡᠨ | ᠨᠢᠭᠡ ᠨᠠᠰᠤᠲᠠᠢ ᠭᠡᠵᠤ ᠬᠡᠯᠡᠬᠦ ᠦᠭᠡᠢ᠂ ᠤᠢ ᠲᠤᠯᠤᠭᠠᠳᠤᠢ ᠭᠡᠭᠦ ᠪᠤᠶᠤ ᠭᠡᠳᠦᠨ ᠰᠠᠷ᠎ᠠ ᠪᠤᠯᠵᠤ ᠪᠠᠶᠢᠨ᠎ᠠ ᠭᠡᠳᠡᠭ᠃ | ᠠᠩᠬ᠎ᠠ ᠲᠦᠷᠦᠭᠰᠡᠨ ᠬᠡᠤᠬᠡᠳ ᠢ ᠨᠢᠭᠡ ᠨᠠᠰᠤᠲᠠᠢ ᠭᠡᠵᠤ ᠦᠵᠡᠳᠡᠭ ᠨᠢ ᠡᠭᠡ ᠶᠢᠨ ᠢᠶᠠᠨ ᠬᠡᠪᠡᠯᠢ ᠳᠤ ᠠᠴᠢᠭᠳᠠᠵᠤ | ᠶᠠᠪᠤᠭᠰᠠᠨ ᠠᠷᠪᠠᠨ ᠰᠠᠷ᠎ᠠ ᠶᠢ ᠨᠢ ᠵᠢᠭᠠᠭᠰᠠᠨ ᠪᠤᠯᠤᠯᠲᠠᠢ᠃ | ᠬᠡᠤᠬᠡᠳ ᠤᠨ ᠨᠠᠰᠤ ᠶᠢ ᠪᠢᠯᠢᠭ ᠤᠨ ᠤᠯᠠᠷᠢᠯ ᠢᠶᠠᠷ ᠲᠤᠭᠠᠴᠠᠯᠠᠳᠠᠭ ᠪᠤᠯᠬᠤᠷ ᠪᠢᠯᠢᠭ ᠤᠨ ᠤᠯᠠᠷᠢᠯ ᠤᠨ ᠰᠢᠨ᠎ᠡ | ᠵᠢᠯ ᠪᠤᠯᠤᠮᠠᠭᠴᠠ ᠨᠠᠰᠤ ᠨᠢ ᠨᠢᠭᠡ ᠨᠡᠮᠡᠭᠳᠡᠳᠡᠭ᠃ ᠲᠡᠭᠡᠬᠦ ᠪᠠᠷ ᠪᠢᠲᠡᠭᠦᠨ ᠤ ᠡᠳᠦᠷ ᠲᠦᠷᠦᠭᠰᠡᠨ ᠬᠡᠤᠬᠡᠳ ᠮᠠᠷᠭᠠᠰᠢ | ᠨᠢ ᠬᠤᠶᠠᠷ ᠨᠠᠰᠤᠲᠠᠢ ᠪᠤᠯᠴᠢᠬᠠᠳᠠᠭ᠃ ᠨᠠᠢᠮᠠᠨ ᠨᠤᠲᠤᠭ ᠲᠤ ᠵᠢᠷᠮᠦᠰᠦᠨ ᠪᠤᠯᠬᠤ ᠶᠢ ︽ᠲᠠᠪᠬᠤᠷ ᠪᠤᠯᠤᠭᠰᠠᠨ᠂ | ᠰᠠᠷ᠎ᠠ ᠲᠠᠢ ᠪᠤᠯᠤᠭᠰᠠᠨ᠂ ᠰᠢᠯᠲᠠᠭᠠᠲᠠᠢ ᠪᠤᠯᠵᠠᠢ᠂ ᠪᠡᠶ᠎ᠡ ᠬᠦᠡᠳᠦ ᠪᠤᠯᠵᠠᠢ︾ ᠭᠡᠳᠡᠭ᠃ | ᠵᠢᠷᠮᠦᠰᠦᠨ ᠪᠦᠰᠡᠬᠦᠢ ᠶᠢᠨ ᠴᠡᠭᠡᠷᠯᠡᠬᠦ ᠵᠦᠢᠯ ᠤᠯᠠᠨ ᠪᠠᠶᠢᠳᠠᠭ᠃ ᠢᠳᠡᠵᠦ ᠤᠤᠭᠤᠬᠤ᠂ ᠶᠠᠪᠤᠵᠤ ᠰᠠᠭᠤᠬᠤ | ᠠᠴᠠ ᠡᠬᠢᠯᠡᠭᠡᠳ ᠴᠡᠭᠡᠷ ᠤᠯᠠᠡᠲᠠᠢ ᠪᠠᠶᠢᠳᠠᠭ ᠪᠦᠭᠡᠳ ᠦᠢᠮᠡᠭᠡᠨ ᠳᠡᠪᠵᠢᠶᠡᠨ᠂ ᠬᠤᠷᠢᠮ ᠨᠠᠶᠢᠷ᠂ ᠪᠡᠯᠪᠡᠰᠤᠷᠡᠯ | ᠭᠠᠰᠢᠭᠤᠳᠠᠯ ᠳᠤ ᠤᠴᠢᠬᠤ ᠶᠢ ᠴᠤ ᠴᠡᠭᠡᠷᠯᠡᠳᠡᠭ ᠪᠢᠯᠨ᠃ ᠮᠠᠭᠤ ᠢᠲᠡᠭᠡᠨ ᠤᠮᠲᠠᠭᠠᠨ᠂ ᠡᠯᠵᠢᠭᠡ ᠲᠡᠮᠡᠭᠡ ᠯᠠᠭᠤᠰᠠᠨ | ᠤ ᠮᠢᠬ᠎ᠠ᠂ ᠦᠪᠡᠷ ᠢᠶᠠᠨ ᠦᠭᠦᠭᠰᠡᠨ ᠠᠮᠢᠲᠠᠨ ᠤ ᠮᠢᠬ᠎ᠠ ᠵᠡᠷᠭᠡ ᠶᠢ ᠢᠳᠡᠬᠦ ᠶᠢ ᠴᠡᠭᠡᠷᠯᠡᠨ᠎ᠡ᠃ ᠵᠢᠷᠮᠦᠰᠦᠨ ᠪᠦᠰᠡᠬᠦᠢ | ᠪᠤᠰᠤᠳ ᠤᠨ ᠢᠳᠡᠵᠦ ᠪᠠᠶᠢᠭ᠎ᠠ ᠶᠠᠭᠤᠮᠠᠨ ᠳᠤ ᠳᠤᠷᠠᠯᠠᠪᠠᠯ ᠵᠠᠪᠠᠯ ᠤᠯᠵᠤ ᠢᠳᠡᠬᠦᠯᠳᠡᠭ᠂ ᠤᠯᠵᠤ ᠢᠳᠡᠬᠦ ᠦᠭᠡᠢ | ᠪᠤᠯ ᠬᠡᠪᠡᠯᠢ ᠳᠠᠬᠢ ᠬᠡᠤᠬᠡᠳ ᠤᠨ ᠨᠢᠳᠦ ᠨᠢ ᠤᠯᠠᠭᠠᠨ ᠪᠤᠯᠤᠨ᠎ᠠ ᠭᠡᠳᠡᠭ᠃ ᠱᠠᠭᠠᠵᠠᠭᠠᠢ ᠶᠢᠨ ᠦᠡᠳᠡᠭᠡ ᠵᠡᠷᠭᠡ ᠠᠯᠠᠭ | ᠴᠤᠬᠤᠷ ᠦᠡᠳᠡᠭᠡ ᠶᠢ ᠢᠳᠡᠪᠡᠯ ᠬᠡᠤᠬᠡᠳ ᠨᠢ ᠴᠤᠬᠤᠷ ᠴᠢᠷᠠᠶᠢᠲᠠᠢ ᠲᠦᠷᠦᠨ᠎ᠡ ᠭᠡᠳᠡᠭ᠃ ᠶᠠᠪᠤᠵᠤ ᠰᠠᠭᠤᠬᠤ ᠳᠠᠭᠠᠨ | ᠯᠠᠪᠲᠠᠭᠤᠨ ᠲᠤᠭᠲᠠᠭᠤᠨ ᠪᠠᠶᠢᠵᠤ᠂ ᠶᠠᠭᠠᠷᠠᠵᠤ ᠰᠠᠡᠳᠤᠷᠬᠤ ᠦᠭᠡᠢ᠂ ᠭᠡᠷᠡᠮ ᠬᠠᠰᠢᠶ᠎ᠠ ᠲᠠᠪᠠᠭ᠋ᠤ ᠦᠭᠡᠢ ᠪᠠᠶᠢᠵᠤ᠂ | ᠬᠡᠤᠬᠡᠳ ᠨᠢ ᠰᠢᠯᠵᠢᠬᠦ ᠠᠴᠠ ᠬᠢᠴᠢᠶᠡᠬᠦ ᠭᠡᠷᠡᠭᠲᠡᠢ᠃ ᠵᠢᠷᠮᠦᠰᠦᠨ ᠪᠦᠰᠡᠬᠦᠢ ᠡᠯᠵᠢᠭᠡ ᠪᠠ ᠲᠡᠮᠡᠭᠡ ᠤᠨᠤᠵᠤ ᠪᠤᠯᠬᠤ | ᠦᠭᠡᠢ᠂ ᠤᠨᠤᠪᠠᠯ ᠬᠡᠤᠬᠡᠳ ᠨᠢ ᠴᠠᠭ ᠲᠠᠭᠠᠨ ᠭᠠᠷᠬᠤ ᠦᠭᠡᠢ᠂ ᠰᠠᠷ᠎ᠠ ᠬᠡᠲᠦᠷᠡᠵᠦ ᠠᠷᠪᠠᠨ ᠬᠤᠶᠠᠷ ᠰᠠᠷ᠎ᠠ ᠪᠤᠯᠤᠨ᠎ᠠ | ᠭᠡᠳᠡᠭ᠃ ᠳᠡᠭᠡᠰᠦᠨ ᠳᠡᠭᠡᠬᠦᠷ ᠬᠢᠰᠬᠢᠬᠦ ᠶᠢ ᠴᠡᠭᠡᠷᠯᠡᠨ᠎ᠡ᠂ ᠬᠢᠰᠬᠢᠪᠡᠯ ᠬᠦᠢᠰᠦ ᠨᠢ ᠬᠡᠪᠡᠯᠢ ᠳᠠᠬᠢ ᠬᠡᠤᠬᠡᠳ ᠤᠨ | ᠬᠦᠵᠦᠬᠦᠦ ᠶᠢ ᠤᠷᠢᠶᠠᠵᠤ ᠨᠤᠭᠲᠤ ᠲᠠᠢ ᠲᠦᠷᠦᠨ᠎ᠡ ᠭᠡᠳᠡᠭ᠃ ᠪᠤᠱᠤᠭ᠎ᠠ᠂ ᠱᠦᠬᠦᠷ ᠵᠡᠷᠭᠡ ᠶᠠᠭᠤᠮᠠᠨ ᠤ ᠳᠡᠭᠡᠷ᠎ᠡ | ᠪᠦᠷ ᠬᠢᠰᠬᠢᠵᠦ ᠪᠤᠯᠳᠠᠭ ᠦᠭᠡᠢ᠃ ᠤᠯᠠᠨ ᠬᠦᠮᠦᠨ ᠤ ᠦᠢᠮᠡᠭᠡᠨ ᠳᠡᠪᠵᠢᠶᠡᠨ᠂ ᠭᠡᠷᠡᠬᠦᠯ ᠱᠤᠤᠬᠢᠶᠠᠨ᠂ ᠶᠠᠷᠢᠶ᠎ᠠ | ᠬᠡᠯᠡᠯᠴᠡᠭᠡ ᠶᠢ ᠰᠤᠨᠤᠰᠪᠠᠯ ᠬᠡᠤᠬᠡᠳ ᠨᠢ ᠮᠠᠭᠤ ᠵᠠᠩ ᠲᠠᠢ᠂ ᠮᠠᠭᠤ ᠠᠪᠢᠶᠠᠰ ᠲᠠᠢ ᠪᠤᠯᠵᠤ ᠲᠦᠷᠦᠨ᠎ᠡ ᠭᠡᠳᠡᠭ᠃ | ᠬᠤᠷᠢᠮ ᠨᠠᠶᠢᠷ ᠪᠠ ᠨᠦᠭᠴᠢᠭᠰᠡᠳ ᠤᠨ ᠪᠤᠶᠠᠨ ᠳᠡᠭᠡᠷ᠎ᠡ ᠤᠴᠢᠪᠠᠯ ᠬᠡᠤᠬᠡᠳ ᠨᠢ ᠰᠡᠪᠳᠤᠨᠠ ᠭᠡᠳᠡᠭ᠃ ᠲᠠᠪᠬᠤᠷ | ᠪᠦᠰᠡᠬᠦᠢ ᠦᠨᠡᠰᠦ ᠬᠤᠭ ᠢᠶᠠᠨ ᠴᠠᠭ ᠳᠤᠬᠠᠢ ᠳᠤᠨᠢ ᠴᠡᠪᠡᠷᠯᠡᠵᠦ ᠭᠡᠭᠡᠬᠦ ᠦᠭᠡᠢ ᠪᠤᠯ ᠬᠤᠶᠢᠳᠤᠬᠢ ᠨᠢ ᠬᠤᠴᠤᠷᠴᠦ | ᠶᠡᠭᠡᠳᠡ ᠵᠤᠪᠠᠨ᠎ᠠ ᠭᠡᠳᠡᠭ᠃ ᠲᠠᠪᠬᠤᠷ ᠪᠦᠰᠡᠬᠦᠢ ᠪᠠᠰᠠ ᠠᠪᠲᠠᠷ᠎ᠠ ᠪᠠᠨ ᠤᠨᠢᠰᠤᠯᠠᠵᠤ ᠪᠤᠯᠳᠠᠭ ᠦᠭᠡᠢ᠂ | ᠤᠨᠢᠰᠤᠯᠠᠪᠠᠯ ᠲᠦᠷᠦᠬᠦ ᠳᠡᠭᠡᠨ ᠮᠦᠨ ᠶᠡᠭᠡᠪᠡᠷ ᠵᠤᠪᠠᠳᠠᠭ ᠭᠡᠨ᠎ᠡ᠃ ᠬᠤᠶᠠᠷ ᠵᠢᠷᠮᠦᠰᠦᠨ ᠪᠦᠰᠡᠬᠦᠢ ᠵᠠᠮ ᠳᠡᠭᠡᠷ᠎ᠡ | ᠵᠦᠷᠢᠵᠦ ᠭᠠᠷᠬᠤ ᠶᠢ ᠴᠡᠭᠡᠷᠯᠡᠨ᠎ᠡ᠂ ᠵᠦᠷᠢᠵᠦ ᠭᠠᠷᠪᠠᠯ ᠬᠡᠤᠬᠡᠳ ᠨᠢ ᠰᠤᠯᠢᠭᠳᠠᠴᠢᠬᠠᠨᠠ ᠭᠡᠳᠡᠭ᠃ | ᠨᠠᠢᠮᠠᠡᠴᠤᠳ ᠬᠦᠡᠭᠭᠡᠵᠢᠬᠦ ᠶᠢ ︽ᠦᠵᠡᠭᠳᠡᠬᠦ᠂ ᠨᠢᠷᠠᠶᠢᠯᠠᠬᠤ᠂ ᠲᠦᠷᠦᠬᠦ᠂ ᠠᠩᠭ᠎ᠠ ᠲᠠᠢ ᠪᠤᠯᠬᠤ︾ ᠭᠡᠳᠡᠭ᠃ | ᠬᠦᠡᠭᠭᠡᠵᠢᠬᠦ ᠪᠤᠯᠬᠤ ᠳᠤ ᠢᠲᠤᠭᠠᠨ ᠵᠠᠯᠠᠵᠤ ᠬᠦᠡᠭᠭᠡᠵᠢᠬᠦᠯᠳᠡᠭ᠃ ᠬᠦᠡᠭᠭᠡᠵᠢᠬᠦ ᠳᠡᠭᠡᠨ ᠬᠦᠴᠢᠷᠳᠡᠪᠡᠯ ᠰᠤᠬᠠᠢ ᠮᠤᠳᠤ | ᠪᠠᠷ ᠬᠦᠡᠭᠭᠡᠨ ᠭᠤᠶᠠᠳᠠᠪᠠᠯ ᠠᠮᠠᠷᠬᠠᠨ ᠬᠦᠡᠭᠭᠡᠵᠢᠨᠡ ᠭᠡᠳᠡᠭ᠃ ᠪᠡᠷᠭᠡ ᠬᠦᠡᠭᠭᠡᠵᠢᠯᠲᠡ ᠪᠤᠯᠪᠠᠯ ᠠᠮᠠᠰᠠᠷ ᠲᠠᠢ ᠶᠠᠭᠤᠮ᠎ᠠ | ᠪᠦᠬᠦᠨ ᠢᠶᠠᠨ ᠤᠡᠭᠭᠤᠶᠢᠯᠭᠠᠵᠤ ᠤᠷᠬᠢᠪᠠᠯ ᠬᠦᠡᠭᠭᠡᠵᠢᠬᠦ ᠨᠢ ᠰᠢᠯᠤᠭᠤᠨ ᠪᠤᠯᠤᠨ᠎ᠠ ᠭᠡᠳᠡᠭ᠃ ᠰᠡᠬᠦᠯ ᠤᠨ ᠦᠶ᠎ᠡ ᠳᠤ | ᠠᠶᠢᠯ ᠤᠨ ᠪᠤᠶᠤ ᠰᠤᠮᠤᠨ ᠤ ᠲᠤᠰᠬᠠᠢ ᠬᠦᠡᠭᠭᠡᠵᠢᠬᠦᠯᠦᠭᠴᠢ ᠡᠮᠴᠢ ᠶᠢ ᠵᠠᠯᠠᠵᠤ ᠬᠦᠡᠭᠭᠡᠵᠢᠬᠦᠯᠳᠡᠭ ᠪᠠᠶᠢᠭᠰᠠᠨ ᠪᠤᠯ | ᠰᠢᠨ᠎ᠡ ᠵᠠᠭᠤᠨ ᠳᠤ ᠤᠷᠤᠭᠰᠠᠨ ᠤ ᠳᠠᠷᠠᠭ᠎ᠠ ᠪᠦᠷ ᠡᠮᠨᠡᠯᠭᠡ ᠳᠤ ᠤᠴᠢᠵᠦ ᠬᠦᠡᠭᠭᠡᠵᠢᠳᠡᠭ ᠪᠤᠯᠵᠠᠢ᠃ | ᠨᠠᠢᠮᠠᠨ ᠮᠤᠩᠭᠤᠯᠴᠤᠳ ᠬᠡᠤᠬᠡᠳ ᠤᠨ ᠢᠶᠠᠨ ᠬᠦᠢᠰᠦ ᠶᠢ ᠤᠭᠲᠤᠯᠤᠭᠰᠠᠨ ᠬᠤᠶᠢᠨ᠎ᠠ ᠤᠯᠠᠭᠠᠨ ᠪᠦᠰ ᠪᠤᠶᠤ | ᠤᠯᠠᠭᠠᠨ ᠲᠤᠷᠭᠠᠨ ᠦᠭᠡᠳᠡᠰᠦᠨ ᠳᠤ ᠪᠠᠭᠯᠠᠭᠠᠳ᠂ ᠦᠯᠦᠭᠡᠢ ᠶᠢᠨ ᠬᠠᠷᠠᠭᠠᠨ ᠳᠡᠭᠡᠷ᠎ᠡ ᠡᠯᠬᠦᠵᠦ ᠲᠠᠯᠪᠢᠬᠤ ᠪᠤᠶᠤ | ᠶᠡᠭᠡ ᠪᠤᠯᠲᠠᠯ᠎ᠠ ᠨᠢ ᠬᠦᠵᠦᠬᠦᠨ ᠳᠤᠨᠢ ᠵᠡᠬᠦᠯᠭᠡᠳᠡᠭ᠃ ᠬᠦᠢᠰᠦ ᠶᠢ ᠨᠢ ᠳᠤᠷ᠎ᠠ ᠪᠠᠷ ᠭᠡᠭᠡᠵᠦ ᠤᠷᠬᠢᠪᠠᠯ ᠬᠡᠤᠬᠡᠳ | ᠬᠤᠵᠢᠮ ᠨᠢ ᠲᠤᠭᠤᠷᠢᠮᠠᠲᠠᠭᠠᠢ ᠪᠤᠯᠤᠨ᠎ᠠ ᠭᠡᠳᠡᠭ᠃ ᠲᠡᠶᠢᠮᠦ ᠠᠴᠠ ᠨᠠᠢᠮᠠᠨᠴᠤᠳ ᠲᠤᠭᠤᠷᠢᠵᠦ ᠲᠠᠩᠰᠢᠬᠦ ᠵᠠᠩ ᠲᠠᠢ | ᠬᠦᠮᠦᠨ ᠢ ︽ᠬᠦᠢᠰᠦ ᠪᠠᠨ ᠭᠡᠭᠡᠴᠢᠬᠡᠭᠰᠡᠨ ᠶᠤᠮ ᠤᠤ︖︾ ᠭᠡᠵᠤ ᠬᠡᠯᠡᠳᠡᠭ ᠪᠢᠯᠨ᠃ ᠨᠠᠢᠮᠠᠨ ᠮᠤᠩᠭᠤᠯᠴᠤᠳ | ᠬᠦᠦ ᠲᠠᠢ ᠪᠤᠯᠪᠠᠯ ᠨᠤᠮᠤᠨ ᠳᠤ ᠰᠤᠮᠤ ᠶᠢ ᠨᠢ ᠡᠰᠢᠯᠡᠨ᠂ ᠤᠯᠠᠭᠠᠨ ᠪᠦᠰ ᠤᠶᠠᠲᠠᠯ ᠢᠶᠠᠷ ᠤᠶᠠᠭᠠᠳ᠂ ᠰᠤᠮᠤ ᠶᠢ | ᠨᠢ ᠭᠠᠳᠠᠭᠰᠢ ᠬᠠᠨᠳᠤᠭᠤᠯᠵᠤ ᠡᠬᠦᠳᠡᠨ ᠬᠠᠪᠢ ᠳᠠᠭᠠᠨ ᠡᠯᠬᠦᠳᠡᠭ᠃ ᠡᠨᠡ ᠨᠢ ᠬᠡᠤᠬᠡᠳ ᠢ ᠠᠪᠠᠴᠢᠬᠤ᠂ ᠠᠶᠤᠯᠭᠠᠬᠤ | ᠴᠢᠳᠬᠦᠷ ᠱᠤᠯᠤᠮ ᠢ ᠠᠶᠤᠯᠭᠠᠵᠤ ᠪᠠᠶᠢᠭ᠎ᠠ ᠰᠠᠨᠠᠭᠠᠲᠠᠢ᠂ ᠮᠦᠨ ᠬᠦᠦ ᠬᠦᠮᠦᠨ ᠨᠤᠮᠤ ᠰᠤᠮᠤ ᠠᠭᠰᠠᠵᠤ᠂ ᠠᠪᠠ | ᠰᠢᠪᠠᠭᠤᠨ ᠳᠤ ᠶᠠᠪᠤᠳᠠᠭ ᠤᠨ ᠪᠡᠯᠭᠡᠳᠡᠯ ᠪᠤᠯᠭᠠᠵᠤ ᠪᠠᠶᠢᠭ᠎ᠠ ᠨᠢ ᠡᠨᠡ ᠠᠵᠢ᠃ ᠦᠬᠢᠨ ᠵᠠᠶᠠᠭᠠᠪᠠᠯ ᠬᠠᠷᠢᠨ ᠨᠤᠮᠤ | ᠰᠤᠮᠤ ᠪᠢᠰᠢ᠂ ᠤᠯᠠᠭᠠᠨ ᠪᠦᠰ ᠤᠶᠠᠳᠠᠯ ᠡᠯᠬᠦᠳᠡᠭ᠃ ᠡᠳᠡᠭᠡᠷ ᠡᠯᠬᠦᠭᠡᠰᠦᠲᠡᠢ ᠲᠡᠮᠳᠡᠭ ᠢ ᠭᠠᠳᠠᠨᠠᠬᠢ ᠬᠦᠮᠦᠨ | ᠦᠵᠡᠪᠡᠯ ᠡᠨᠡ ᠠᠶᠢᠯ ᠳᠤ ᠰᠠᠷ᠎ᠠ ᠲᠠᠢ ᠪᠦᠰᠡᠬᠦᠢ ᠪᠠᠶᠢᠭ᠎ᠠ ᠶᠢ ᠮᠡᠳᠡᠵᠦ ᠳᠤᠷ᠎ᠠ ᠪᠠᠷ ᠤᠷᠤᠬᠤ ᠶᠢ ᠴᠡᠭᠡᠷᠯᠡᠨ᠎ᠡ᠃ | ᠬᠡᠤᠬᠡᠳ ᠢᠶᠠᠨ ᠭᠤᠷᠪᠠ ᠬᠤᠨᠤᠭ ᠳᠡᠭᠡᠷ᠎ᠡ ᠨᠢ ᠭᠤᠷᠪᠠᠨ ᠬᠤᠨᠤᠭ ᠤᠨ ᠪᠠᠶᠠᠷ ᠬᠢᠵᠦ ᠦᠯᠦᠭᠡᠢ ᠳᠤ | ᠤᠷᠤᠭᠤᠯᠳᠠᠭ᠃ ᠦᠪᠡᠷ ᠢᠶᠠᠨ ᠦᠯᠦᠭᠡᠢ ᠪᠠᠶᠢᠬᠤ ᠦᠭᠡᠢ ᠪᠤᠯ ᠠᠶᠢᠯ ᠠᠴᠠ ᠵᠢᠭᠡᠯᠡᠳᠡᠭ᠃ ᠦᠯᠦᠭᠡᠢ ᠶᠢ ᠤᠯᠠᠩᠬᠢ | ᠳᠠᠭᠠᠨ ᠬᠠᠶᠢᠯᠠᠰᠤᠨ ᠮᠤᠳᠤ ᠪᠠᠷ ᠬᠢᠳᠡᠭ᠃ ᠨᠠᠭᠠᠴᠦ ᠠᠴᠠ ᠨᠢ ᠦᠯᠦᠭᠡᠢ ᠬᠢᠵᠦ ᠦᠭᠪᠡᠯ ᠬᠡᠤᠬᠡᠳ ᠲᠤᠨᠢ ᠰᠠᠶᠢᠨ | ᠭᠡᠳᠡᠭ᠃ ᠠᠶᠢᠯ ᠳᠤ ᠵᠢᠭᠡᠯᠡᠬᠦᠯᠦᠭᠰᠡᠨ ᠦᠯᠦᠭᠡᠢ ᠶᠢ ᠵᠢᠭᠡᠯᠡᠭᠰᠡᠨ ᠬᠦᠮᠦᠨ ᠪᠤᠴᠠᠭᠠᠨ ᠠᠪᠴᠢᠷᠠᠵᠤ ᠦᠭᠭᠦ ᠦᠭᠡᠢ ᠪᠤᠯ | ᠬᠤᠶᠢᠨ᠎ᠠ ᠠᠴᠠ ᠨᠢ ᠠᠪᠬᠤ ᠭᠡᠵᠤ ᠨᠡᠭᠡᠬᠦ ᠪᠠᠷ ᠤᠴᠢᠬᠤ ᠶᠢ ᠮᠠᠭᠤ ᠢᠷᠸ᠎ᠠ ᠭᠡᠵᠤ ᠴᠡᠭᠡᠷᠯᠡᠳᠡᠭ᠃ ᠦᠯᠦᠭᠡᠢ ᠶᠢᠨ | ᠢᠶᠠᠨ ᠤᠯᠠᠭᠠᠨ ᠪᠦᠰ ᠬᠠᠲᠠᠭᠰᠠᠨ ᠬᠠᠷᠠᠭᠠᠨ ᠳᠡᠭᠡᠷ᠎ᠡ ᠤᠯᠠᠭᠠᠨ ᠪᠤᠭᠤᠯᠲᠠ ᠲᠠᠢ ᠬᠦᠢᠰᠦᠨ ᠠᠴᠠ ᠨᠢ ᠭᠠᠳᠠᠨ᠎ᠠ | ᠲᠡᠭᠷᠢ ᠶᠢᠨ ᠰᠤᠮᠤ᠂ ᠲᠤᠯᠢ᠂ ᠡᠷᠲᠡᠨ ᠤ ᠭᠠᠤᠯᠢᠨ ᠵᠤᠭᠤᠰ᠂ ᠲᠦᠪᠡᠳ ᠵᠠᠩᠭᠤᠤ᠂ ᠲᠤᠩ᠂ ᠯᠠᠪᠠᠢ᠂ ᠱᠢᠷᠦ᠂ | ᠤᠭ᠍ᠶᠦ ᠵᠡᠷᠭᠡ ᠶᠠᠭᠤᠮ᠎ᠠ ᠶᠢ ᠳᠡᠬᠦᠵᠢᠯᠡᠨ ᠡᠯᠬᠦᠵᠦ ᠦᠭᠳᠡᠭ᠃ ᠲᠤᠩ ᠯᠠᠪᠠᠢ ᠡᠯᠬᠦᠪᠡᠯ ᠬᠡᠤᠬᠡᠳ ᠨᠢ ᠰᠢᠳᠤ ᠪᠠᠨ | ᠬᠠᠪᠢᠷᠬᠤ ᠦᠭᠡᠢ ᠪᠤᠯᠵᠤ᠂ ᠱᠢᠷᠤ᠂ ᠤᠭ᠍ᠶᠦ ᠵᠡᠷᠭᠡ ᠡᠷᠳᠡᠨᠢᠰ ᠤᠨ ᠵᠦᠢᠯ ᠢ ᠡᠯᠬᠦᠪᠡᠯ ᠬᠡᠤᠬᠡᠳ ᠨᠢ ᠬᠤᠵᠢᠮ ᠡᠳ᠋ | ᠡᠷᠳᠡᠨᠢ ᠪᠠᠷ ᠡᠯᠪᠡᠭ ᠳᠡᠯᠪᠡᠭ ᠪᠤᠯᠤᠨ᠎ᠠ ᠭᠡᠳᠡᠭ᠃ ᠰᠠᠷ᠎ᠠ ᠳᠦᠬᠦᠷᠡᠭᠰᠡᠨ ᠡᠳᠦᠷ ᠨᠢ ᠦᠯᠦᠭᠡᠢ ᠶᠢᠨ ᠬᠠᠷᠠᠭᠠᠨ ᠲᠠᠯ᠎ᠠ | ᠶᠢ ᠨᠢ ᠡᠮᠦᠨ᠎ᠡ ᠵᠦᠭ ᠬᠠᠨᠳᠤᠭᠤᠯᠵᠤ ᠲᠠᠯᠪᠢᠪᠠᠯ ᠬᠡᠤᠬᠡᠳ ᠨᠢ ᠪᠤᠡᠭ ᠦᠭᠡᠢ ᠪᠤᠯᠤᠨ᠎ᠠ ᠭᠡᠳᠡᠭ᠃ | ᠰᠠᠷ᠎ᠠ ᠳᠤ ᠰᠠᠭᠤᠭ᠎ᠠ ᠪᠦᠰᠡᠬᠦᠢ ᠬᠠᠲᠠᠭᠤ᠂ ᠬᠦᠢᠲᠡᠨ᠂ ᠲᠠᠪᠤᠰᠤᠯᠢᠭ ᠢᠲᠡᠭᠡᠨ ᠤᠮᠲᠠᠭᠠᠨ ᠢᠳᠡᠵᠦ ᠪᠤᠯᠳᠠᠭ | ᠦᠭᠡᠢ᠂ ᠨᠠᠷᠢᠮᠤᠨ ᠰᠢᠩᠭᠡᠨ᠂ ᠬᠤᠨᠢᠨ ᠱᠦᠯᠦ ᠤᠤᠭᠤᠬᠤ ᠶᠢᠨ ᠬᠠᠮᠳᠤ ᠦᠡᠳᠡᠭᠡ᠂ ᠰᠢᠷ᠎ᠠ ᠲᠤᠰᠤ ᠵᠡᠷᠭᠡ ᠰᠢᠮ᠎ᠡ | ᠲᠠᠢ ᠢᠲᠡᠭᠡᠨ ᠢ ᠵᠤᠬᠢᠰᠲᠠᠢ ᠲᠠᠭᠠᠷᠠᠭᠤᠯᠤᠨ ᠢᠳᠡᠳᠡᠭ᠃ ᠰᠠᠷ᠎ᠠ ᠳᠤ ᠰᠠᠭᠤᠭ᠎ᠠ ᠬᠤᠭᠤᠴᠠᠭᠠᠨ ᠳᠠᠭᠠᠨ ᠬᠤᠪᠴᠠᠰᠤ | ᠬᠤᠨᠠᠷ ᠤᠬᠢᠶᠠᠵᠤ ᠪᠤᠯᠳᠠᠭ ᠦᠭᠡᠢ᠂ ᠨᠡᠩ ᠴᠤ ᠬᠦᠢᠲᠡᠨ ᠤᠰᠤ ᠪᠠᠷ ᠨᠢᠭᠤᠷ ᠤᠬᠢᠶᠠᠬᠤ ᠪᠤᠶᠤ ᠬᠤᠪᠴᠠᠰᠤ | ᠤᠬᠢᠶᠠᠵᠤ ᠪᠤᠯᠳᠠᠭ ᠦᠭᠡᠢ᠂ ᠲᠡᠭᠡᠪᠡᠯ ᠰᠢᠷᠪᠤᠰᠤ ᠲᠠᠲᠠᠬᠤ ᠭᠡᠮ ᠲᠠᠢ ᠪᠤᠯᠳᠠᠭ᠂ ᠡᠰᠡᠬᠦᠯ᠎ᠡ ᠬᠤᠵᠢᠮ ᠬᠦᠢᠲᠡᠨ | ᠤᠰᠤᠨ ᠳᠤ ᠭᠠᠷ ᠬᠢᠪᠠᠯ ᠵᠠᠭᠠᠳᠤᠨᠠᠬᠤ ᠪᠤᠯᠳᠠᠭ᠃ ᠮᠦᠨ ᠪᠤᠰᠤᠳ ᠬᠦᠡᠳᠦ ᠠᠵᠢᠯ ᠢ ᠴᠤ ᠬᠢᠵᠦ ᠪᠤᠯᠳᠠᠭ ᠦᠭᠡᠢ᠃ | ᠰᠠᠷ᠎ᠠ ᠳᠤ ᠰᠠᠭᠤᠭ᠎ᠠ ᠪᠦᠰᠡᠬᠦᠢ ᠶᠢ ᠬᠠᠳᠠᠮ ᠡᠵᠢ ᠨᠢ ᠪᠤᠶᠤ ᠡᠵᠢ ᠨᠢ᠂ ᠡᠰᠡᠬᠦᠯ᠎ᠡ ᠪᠡᠷᠭᠡᠳ ᠨᠢ ᠢᠯᠡᠬᠦᠲᠡᠢ | ᠰᠤᠪᠢᠯᠠᠳᠠᠭ᠃ | ︵ᠬᠠᠩᠳᠠᠭᠤᠳ ᠤᠰᠤᠨᠪᠣᠳᠤᠭ ᠡᠮᠬᠢᠳᠭᠡᠪᠡ︶ | | |