ᠬᠤᠨᠢᠨ ᠮᠢᠬ᠎ᠠ ᠶᠢ ᠴᠢᠨᠠᠬᠤ᠂ ᠬᠠᠭᠤᠷᠬᠤ᠂ ᠰᠢᠷᠠᠵᠤ ᠪᠤᠷᠤᠯᠠᠭᠤᠯᠬᠤ ᠵᠡᠷᠭᠡ ᠤᠯᠠᠨ ᠠᠷᠭ᠎ᠠ ᠪᠠᠷ ᠢᠳᠡᠵᠦ | ᠪᠤᠯᠳᠠᠭ᠃ ᠡᠪᠦᠯ ᠤᠨ ᠤᠯᠠᠷᠢᠯ ᠪᠤᠯ ᠬᠤᠨᠢᠨ ᠮᠢᠬ᠎ᠠ ᠢᠳᠡᠵᠦ ᠰᠢᠮ᠎ᠡ ᠲᠡᠵᠢᠭᠡᠯ ᠨᠦᠬᠦᠪᠦᠷᠢᠯᠡᠨ ᠪᠡᠶ᠎ᠡ ᠪᠠᠨ | ᠲᠠᠮᠢᠷᠵᠢᠭᠤᠯᠬᠤ ᠬᠠᠮᠤᠭ ᠤᠨ ᠤᠬᠢ ᠴᠠᠭ ᠮᠦᠨ᠃ ᠬᠤᠨᠢᠨ ᠮᠢᠬ᠎ᠠ ᠶᠢ ᠵᠠᠷᠢᠮ ᠡᠮ ᠲᠠᠢ ᠨᠡᠶᠢᠯᠡᠭᠦᠯᠦᠨ ᠡᠮᠳᠦ | ᠢᠳᠡᠭᠡᠨ ᠪᠤᠯᠭᠠᠪᠠᠯ ᠪᠡᠶ᠎ᠡ ᠶᠢ ᠴᠢᠬᠢᠷᠠᠭᠵᠢᠭᠤᠯᠤᠨ ᠡᠪᠡᠳᠴᠢᠨ ᠵᠠᠰᠠᠬᠤ ᠦᠢᠯᠡᠳᠦᠯ ᠨᠢ ᠨᠡᠩ ᠰᠠᠶᠢᠨ ᠪᠠᠶᠢᠳᠠᠭ᠃ | 150 ᠭᠷᠠᠮ ᠬᠤᠨᠢᠨ ᠮᠢᠬ᠎ᠠ᠂ 100 ᠭᠷᠠᠮ ᠲᠤᠳᠤᠷᠭ᠎ᠠ ᠠᠮᠦ᠂ 5 ᠭᠡᠷᠴᠢᠮ ᠲᠦᠭᠦᠬᠡᠢ ᠭᠠ ᠶᠢ ᠨᠡᠶᠢᠯᠡᠭᠦᠯᠦᠨ | ᠰᠢᠩᠭᠡᠨ ᠪᠤᠳᠠᠭ᠎ᠠ ᠪᠤᠯᠭᠠᠨ ᠴᠢᠨᠠᠵᠤ᠂ ᠲᠤᠰᠤ ᠲᠠᠪᠤᠰᠤ ᠨᠡᠮᠡᠵᠦ ᠠᠮᠳᠠᠯᠠᠨ᠎ᠠ᠃ ᠢᠩᠭᠢᠭᠡᠳ ᠢᠳᠡᠪᠡᠯ ᠪᠡᠶ᠎ᠡ | ᠲᠠᠮᠢᠷᠳᠠᠬᠤ᠂ ᠲᠠᠭᠠᠷᠠᠮᠳᠠᠬᠠᠢ᠂ ᠨᠢᠷᠤᠭᠤ ᠡᠪᠡᠳᠴᠦ ᠬᠦᠯ ᠲᠠᠮᠢᠷᠳᠠᠬᠤ᠂ ᠪᠦᠭᠡᠷᠡᠨ ᠲᠠᠮᠢᠷ ᠮᠠᠭᠤᠳᠠᠬᠤ᠂ ᠴᠢᠰᠣ | ᠲᠤᠳᠠᠭᠳᠠᠬᠤ ᠵᠡᠷᠭᠡ ᠡᠪᠡᠳᠴᠢᠨ ᠭᠡᠮ ᠢ ᠵᠠᠰᠠᠬᠤ ᠳᠤ ᠲᠤᠰᠠᠲᠠᠢ᠃ | 500 ᠭᠷᠠᠮ ᠬᠤᠨᠢᠨ ᠮᠢᠬ᠎ᠠ᠂ ᠬᠤᠨᠴᠢᠷ ︵黄芪︶ ᠪᠤᠯᠤᠨ ᠰᠦᠨ ᠤᠷᠬᠤᠳᠠᠢ ︵党参︶ | ᠲᠤᠰᠪᠤᠷᠢ 30 ᠭᠷᠠᠮ᠂ 25 ᠭᠷᠠᠮ ᠲᠦᠭᠦᠬᠡᠢ ᠭᠠ᠂ 20 ᠭᠷᠠᠮ ᠳ᠋ᠠᠩᠬᠦᠨ ︵当归︶ ᠢ ᠨᠡᠶᠢᠯᠡᠭᠦᠯᠦᠨ ᠴᠢᠨᠠᠵᠤ | ᠢᠳᠡᠪᠡᠯ ᠪᠡᠶ᠎ᠡ ᠲᠠᠮᠢᠷᠳᠠᠬᠤ᠂ ᠰᠢᠮ᠎ᠡ ᠲᠡᠵᠢᠭᠡᠯ ᠲᠤᠳᠠᠭᠳᠠᠬᠤ᠂ ᠴᠢᠰᠤ ᠳᠣᠲᠠᠬᠤ᠂ ᠪᠠᠭ᠎ᠠ ᠬᠠᠯᠠᠭᠤᠷᠠᠵᠤ ᠭᠦᠯᠦᠷᠡᠬᠦ᠂ | ᠬᠦᠯ ᠭᠠᠷ ᠮᠦᠯᠢᠢᠬᠦ ᠵᠡᠷᠭᠡ ᠳᠤ ᠲᠤᠰᠠᠲᠠᠢ ᠪᠠᠶᠢᠳᠠᠭ᠃ | ᠬᠤᠨᠢᠨ ᠮᠢᠬ᠎ᠠ 200 ᠭᠷᠠᠮ᠂ 15 ᠭᠷᠠᠮ ᠳ᠋ᠠᠩᠬᠦᠨ᠂ 30 ᠭᠷᠠᠮ ᠲᠦᠬᠦᠬᠡᠢ ᠭᠠ᠂ ᠰᠤᠩᠬᠢᠨ᠎ᠠ ᠶᠢᠨ ᠴᠠᠭᠠᠨ 10 | ᠭᠷᠠᠮ ᠢ ᠨᠡᠶᠢᠯᠡᠬᠦᠯᠦᠨ ᠴᠢᠨᠠᠵᠤ ᠢᠳᠡᠪᠡᠯ ᠬᠤᠳᠤᠭᠠᠳᠤ ᠬᠦᠢᠳᠡᠨ ᠣᠷᠬᠢᠵᠤ ᠰᠢᠷ᠎ᠠ ᠬᠤᠰᠤᠬᠤ᠂ ᠲᠠᠭᠰᠢᠭᠤᠷ ᠬᠦᠷᠬᠦ | ᠶᠢ ᠨᠠᠮᠳᠠᠭᠤᠯᠳᠠᠭ᠃ | ᠠᠩᠬᠠᠷᠬᠤ ᠨᠢ᠄ ᠬᠤᠨᠢᠨ ᠮᠢᠬ᠎ᠠ ᠶᠢ ᠭᠠᠤᠯᠢᠨ ᠰᠠᠪᠠᠨ ᠳᠤ ᠴᠢᠨᠠᠵᠤ ᠪᠤᠯᠬᠤ ᠦᠭᠡᠢ ᠪᠦᠭᠡᠳ ᠵᠤᠵᠢᠷ ᠡᠪᠡᠰᠦ | ︵半夏︶᠂ ᠯᠠᠩᠭᠤᠸᠠ ᠵᠡᠷᠭᠡ ᠵᠦᠢᠯ ᠲᠠᠢ ᠬᠠᠮᠳᠦ ᠢᠳᠡᠵᠦ ᠪᠤᠯᠬᠤ ᠦᠭᠡᠢ᠃ | | ︵ ᠲᠤᠰ ᠡᠬᠡ ᠪᠢᠴᠢᠭ ᠢ ︽ᠡᠷᠡᠨ ᠴᠠᠭ ᠲᠤ ᠨᠦᠯᠦᠭᠡ ᠲᠠᠢ 99 ᠠᠮᠢᠳᠣᠷᠠᠯ ᠤᠨ ᠠᠷᠭ᠎ᠠ ᠤᠬᠠᠭᠠᠨ︾ | ᠭᠡᠬᠦ ᠨᠤᠮ ᠠᠴᠠ ᠨᠠᠶᠢᠷᠠᠭᠤᠯᠵᠤ ᠠᠪᠦᠪᠠ︶ |