ᠨᠠᠢᠮᠠᠨ   ᠬᠤᠰᠢᠭᠤ ︽  ᠬᠦᠭᠡᠮᠳᠦᠭ   ᠲᠡᠭᠷᠢ   ᠪᠠᠨ   ᠬᠠᠮᠠᠭᠠᠯᠠᠬᠤ   ᠲᠠᠶᠢᠯᠡᠯᠳᠤᠭᠠᠨ︾   ᠤ   ᠲᠦᠪᠯᠡᠷᠡᠭᠦᠯᠥᠨ   ᠬᠠᠤᠯᠢ ᠭᠡᠷᠡᠭᠵᠢᠭᠦᠯᠬᠦ ᠠᠵᠢᠯᠯᠠᠭ᠎ᠠ ᠶᠢ   ᠦᠷᠨᠢᠭᠦᠯᠪᠡ
ᠨᠡᠶᠢᠲᠡᠯᠡᠭᠰᠡᠨ ᠴᠠᠭ᠄
2018-07-06
    ᠤᠷᠴᠢᠮ ᠤᠨ   ᠡᠳᠦᠷ᠂   ᠨᠠᠢᠮᠠᠨ   ᠬᠤᠰᠢᠭᠤᠨ ᠤ   ᠶᠡᠷᠦᠩᠬᠡᠢ ᠬᠠᠤᠯᠢ ᠭᠡᠷᠡᠭᠵᠢᠭᠦᠯᠭᠦ   ᠲᠤᠪᠴᠢᠶ᠎ᠠ᠂   ᠤᠷᠴᠢᠨ ᠲᠤᠭᠤᠷᠢᠨ ᠤ   ᠬᠠᠮᠠᠭᠠᠯᠠᠯᠳᠠ ᠶᠢᠨ ᠲᠤᠪᠴᠢᠶ᠎ᠠ  ᠂   ᠢᠳᠡᠭᠡᠨ   ᠡᠮ ᠤᠨ   ᠵᠦᠢᠯ ᠤᠨ   ᠬᠢᠨᠠᠨ   ᠬᠠᠮᠢᠶᠠᠷᠬᠤ ᠲᠤᠪᠴᠢᠶ᠎ᠠ ︽ᠬᠦᠭᠡᠮᠳᠦᠭ ᠲᠡᠭᠷᠢ ᠪᠠᠨ ᠬᠠᠮᠠᠭᠠᠯᠠᠬᠤ ᠲᠠᠶᠢᠯᠠᠯᠳᠣᠭᠠᠨ︾   ᠢ   ᠬᠠᠮᠳᠤᠷᠡᠨ   ᠦᠷᠨᠢᠭᠦᠯᠪᠡ᠃   ᠲᠤᠰ ᠤᠳᠠᠭᠠᠨ ᠤ   ᠲᠤᠰᠬᠠᠢ ᠠᠵᠢᠯᠯᠠᠭ᠎ᠠ ᠳᠤ   ᠨᠡᠶᠢᠳᠡ   ᠬᠠᠤᠯᠢ   ᠭᠡᠷᠡᠭᠵᠢᠭᠦᠯᠬᠦ   ᠲᠡᠷᠭᠡ 7᠂   ᠬᠠᠤᠯᠢ ᠭᠡᠷᠡᠭᠵᠢᠭᠦᠯᠥᠭᠴᠢ   ᠶᠢ 19   ᠬᠦᠮᠦᠨ   ᠭᠠᠷᠭᠠᠵᠦ᠂   ᠬᠤᠰᠢᠭᠤᠨ ᠲᠤᠳᠤᠷᠠᠬᠢ ᠴᠢᠩ ᠡᠾᠧ ᠵᠠᠮ᠂   ᠼᠤᠤ   ᠶᠤᠸᠠᠨ ᠵᠡᠭᠡᠯᠢ ᠶᠢᠨ   ᠬᠤᠶᠠᠷ ᠬᠠᠵᠠᠭᠤ ᠶᠢᠨ   ᠡᠵᠡᠩᠨᠡᠯᠳᠡ ᠶᠢᠨ   ᠪᠠᠳᠤᠯᠠᠪᠤᠷᠢ   ᠦᠭᠡᠢ ᠡᠷᠦᠬᠡ᠂   ᠭᠡᠷ  ᠠᠴᠠ ᠭᠠᠳᠠᠨ᠎ᠠ   ᠰᠢᠷᠠᠮᠠᠯ ᠢᠳᠡᠭᠡᠨ ᠡᠵᠡᠩᠨᠡᠵᠦ ᠪᠠᠶᠢᠭ᠎ᠠ   ᠬᠤᠳᠠᠯᠳᠤᠭᠠᠴᠢᠨ ᠢ   ᠬᠠᠤᠯᠢ ᠶᠤᠰᠤᠭᠠᠷ ᠪᠠᠶᠢᠴᠠᠭᠠᠨ   ᠭᠠᠷᠭᠠᠵᠦ  ᠂   ᠡᠵᠡᠩᠨᠡᠯᠳᠡ ᠶᠢᠨ   ᠪᠠᠳᠤᠯᠠᠪᠤᠷᠢ   ᠪᠢᠴᠢᠭ   ᠦᠭᠡᠢ   ᠬᠤᠶᠠᠷ ᠡᠷᠦᠭᠡ  ᠂   ᠵᠠᠷᠯᠢᠠᠠᠳᠠᠵᠦ ᠬᠤᠭᠤᠴᠠᠭ᠎ᠠ ᠬᠢᠵᠠᠭᠠᠷᠯᠠᠨ ᠴᠡᠭᠴᠡᠯᠡᠭᠦ   ᠴᠢᠬᠤᠯᠨ ᠲᠠᠢ 10   ᠡᠷᠦᠬᠡ  ᠂   ᠭᠡᠷ   ᠤᠨ ᠭᠠᠳᠠᠨ᠎ᠡ   ᠰᠢᠷᠠᠮᠠᠯ ᠢᠳᠡᠭᠡᠨ ᠡᠵᠡᠩᠨᠡᠵᠦ ᠪᠠᠶᠢᠭ᠎ᠠ  5   ᠡᠷᠦᠭᠡ ᠶᠢ ᠴᠡᠪᠡᠷᠯᠡᠵᠦ᠂   ᠭᠡᠷ ᠤᠨ ᠭᠠᠳᠠᠨ᠎ᠡ   ᠡᠵᠡᠩᠨᠡᠯᠳᠡ   ᠬᠢᠵᠦ ᠪᠠᠶᠢᠭ᠎ᠠ ᠬᠤᠳᠠᠯᠳᠤᠭᠠᠴᠢᠨ ᠡᠷᠦᠬᠡ   ᠶᠢᠨ ᠡᠳ᠋   ᠪᠤᠳᠠᠰ   ᠢ ᠲᠦᠷ ᠬᠤᠷᠢᠶᠠᠨ ᠰᠢᠢᠳᠪᠤᠷᠢᠯᠠᠵᠦ᠂   ᠬᠠᠤᠯᠢ ᠵᠦᠷᠢᠴᠡᠨ ᠡᠵᠡᠩᠨᠡᠩᠰᠡᠨ ᠡᠷᠦᠭᠡ   ᠳᠤ   ᠤᠬᠠᠭᠤᠯᠥᠯ   ᠬᠦᠮᠦᠵᠢᠯ ᠭᠢᠪᠡ᠃   ᠲᠠᠷᠠᠭᠠᠴᠢ   ᠶᠢᠨ   ᠨᠢᠭᠡ ᠠᠯᠬᠤᠮ ᠳᠤ  ᠂   ᠬᠤᠰᠢᠭᠤᠨ ᠤ   ᠶᠡᠷᠦᠩᠭᠡᠢ   ᠬᠠᠤᠯᠢ ᠭᠡᠷᠡᠭᠵᠢᠭᠦᠯᠬᠦ   ᠲᠤᠪᠴᠢᠶ᠎ᠠ   ᠨᠢ ᠲᠤᠳᠤᠭᠠᠳᠦ   ᠶᠢ   ᠬᠠᠮᠠᠭᠠᠯᠠᠬᠤ  ᠂   ᠤᠷᠴᠢᠨ   ᠲᠤᠭᠤᠷᠢᠨ ᠤ   ᠬᠠᠮᠠᠭᠠᠯᠠᠠᠯᠳᠡ  ᠂   ᠢᠳᠡᠭᠡᠨ ᠡᠮ ᠤᠨ   ᠵᠦᠢᠯ   ᠤᠨ   ᠬᠢᠨᠠᠯᠳᠡ ᠲᠠᠯᠪᠢᠬᠤ ᠲᠤᠪᠴᠢᠶ᠎ᠠ   ᠵᠡᠷᠭᠡ ᠰᠠᠯᠠᠭ᠎ᠠ   ᠮᠦᠴᠢᠷ ᠲᠠᠢ   ᠬᠠᠮᠳᠤᠷᠡᠨ   ᠪᠠᠶᠢᠩᠭᠤ ᠶᠢᠨ ᠴᠢᠨᠠᠷᠳᠡᠢ ᠲᠦᠪᠯᠡᠷᠡᠭᠦᠯᠥᠨ   ᠬᠠᠤᠯᠢ ᠭᠡᠷᠡᠭᠵᠢᠭᠦᠯᠬᠦ   ᠠᠵᠢᠯᠯᠠᠭ᠎ᠠ ᠶᠢ   ᠦᠷᠨᠢᠭᠦᠯᠵᠦ  ᠂   ᠴᠡᠭᠴᠡᠯᠠᠨ ᠵᠠᠰᠬᠠᠰᠠᠨ ᠦᠷ᠎ᠡ ᠪᠦᠳᠦᠭᠡᠯ ᠢᠶᠠᠨ   ᠪᠠᠭᠢᠵᠢᠬᠦᠯᠵᠦ᠂   ᠭᠡᠳᠡᠷᠭᠦ ᠪᠤᠴᠠᠬᠤ ᠶᠢ   ᠰᠡᠷᠭᠡᠶᠢᠯᠠᠨ  ᠂   ᠭᠦᠭᠡᠮᠳᠦᠭ ᠨᠤᠭᠤᠭᠠᠨ ᠠᠭᠤᠯᠨ   ᠤᠰᠤ ᠪᠠᠨ ᠬᠠᠮᠠᠭᠠᠯᠠᠬᠤ ᠲᠠᠶᠢᠯᠡᠯᠳᠤᠭᠠᠨ ᠪᠤᠯᠥᠨ   ᠪᠤᠬᠢᠷᠳᠤᠯ   ᠢ   ᠰᠡᠷᠭᠡᠶᠢᠯᠠᠨ ᠵᠠᠰᠠᠬᠤ   ᠰᠢᠪᠳᠤᠯᠥᠯᠳᠠ ᠶᠢᠨ   ᠲᠡᠶᠢᠨ ᠤ   ᠢᠯᠡᠯᠳᠡ ᠶᠢ ᠡᠷᠡᠰ   ᠲᠡᠮᠡᠴᠡᠨ ᠤᠯᠥᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号