ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠶᠤᠮ ᠤᠤ ᠳᠣᠷᠣᠭᠰᠢ ᠨᠢ | ᠬᠠᠷᠠᠭᠤᠯᠵᠤ ᠲᠠᠯᠪᠢᠬᠤ ᠶᠤᠮ ᠤᠤ︖ ᠭᠡᠳᠡᠭ ᠢ ᠤᠯᠠᠩᠬᠢ ᠬᠦᠮᠦᠨ ᠬᠠᠷᠢᠨ ᠲᠠᠭ ᠮᠡᠳᠡᠳᠡᠭ ᠦᠭᠡᠢ᠃ ᠰᠠᠪᠬ᠎ᠠ ᠶᠢ | ᠪᠢᠳᠠ ᠡᠳᠤᠷ ᠲᠤᠳᠤᠮ ᠤᠨ ᠠᠮᠢᠳᠤᠷᠠᠯ ᠲᠤᠮᠳᠠ ᠦᠷᠬᠦᠯᠵᠢ ᠭᠡᠷᠡᠭᠯᠡᠳᠡᠭ᠃ ᠤᠰᠤ ᠪᠠᠷ ᠰᠠᠪᠬᠠᠨ ᠳᠡᠭᠡᠷᠡᠬᠢ | ᠣᠯᠠᠩᠬᠢ ᠪᠠᠺᠲ᠋ᠧᠷᠢ ᠶᠢ ᠨᠢ ᠤᠬᠢᠶᠠᠵᠤ ᠴᠡᠪᠡᠷᠯᠡᠴᠢᠭᠡᠳᠡᠭ ᠪᠤᠯᠪᠠᠴᠤ ᠮᠦᠨ ᠦᠯᠡᠳᠡᠪᠤᠷᠢ ᠪᠠᠺᠲ᠋ᠧᠷᠢ ᠲᠠᠢ ᠪᠠᠶᠢᠳᠠᠭ᠃ | | ᠡᠶᠢᠮᠦ ᠤᠴᠢᠷ ᠠᠴᠠ ᠰᠠᠪᠬ᠎ᠠ ᠪᠠᠨ ᠶᠠᠭᠠᠬᠢᠵᠤ ᠲᠠᠯᠪᠢᠬᠤ ᠲᠤᠬᠠᠢ ᠣᠨᠴᠠᠭᠠᠶᠢᠯᠠᠨ ᠠᠩᠬᠠᠷᠬᠤ ᠬᠡᠷᠡᠭᠲᠡᠶ᠃ | ᠵᠠᠷᠢᠮ ᠬᠥᠮᠦᠨ ᠦᠵᠤᠬᠦᠷ ᠢ ᠨᠢ ᠳᠡᠭᠡᠭᠰᠢ ᠨᠢ ᠬᠠᠷᠠᠭᠤᠯᠪᠠᠯ ᠨᠡᠩ ᠴᠡᠪᠡᠷ ᠭᠡᠬᠦ ᠳᠤ᠂ ᠵᠠᠷᠢᠮ ᠨᠢ ᠦᠵᠤᠬᠦᠷ ᠢ ᠨᠢ | ᠲᠤᠷᠤᠬᠰᠢ ᠢ ᠬᠠᠷᠠᠭᠤᠯᠪᠠᠯ ᠨᠡᠩ ᠴᠡᠪᠡᠷ ᠭᠡᠵᠦ ᠦᠵᠡᠳᠡᠭ᠃ ᠲᠡᠭᠡᠪᠡᠯ ᠴᠤᠬᠤᠮ ᠶᠠᠭᠠᠬᠢᠵᠤ ᠲᠠᠯᠪᠢᠪᠠᠯ ᠴᠡᠪᠡᠷ | ᠪᠤᠢ︖ ᠲᠠᠯᠪᠢᠬᠤ ᠳᠠᠭᠠᠨ ᠶᠠᠭᠤ ᠶᠢ ᠠᠩᠬᠠᠷᠪᠠᠯ ᠵᠤᠬᠢᠬᠤ ᠪᠣᠶ︖ | ᠦᠨᠡᠨ ᠳᠡᠭᠡᠨ ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠣᠷᠣᠭᠰᠢ ᠨᠢ ᠬᠠᠷᠠᠭᠤᠯᠵᠤ ᠲᠠᠯᠪᠢᠬᠤ ᠨᠢ ᠶᠡᠭᠡ | ᠪᠤᠵᠠᠷ ᠶᠤᠮ᠃ | ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠰᠠᠪᠬᠠᠨ ᠤ ᠬᠤᠨᠭ᠍ᠬᠢᠶᠠ ᠳᠤ ᠦᠵᠤᠬᠦᠷ ᠢ ᠨᠢ ᠲᠤᠷᠤᠬᠰᠢ | ᠨᠢ ᠬᠠᠷᠠᠭᠤᠯᠵᠤ ᠲᠠᠯᠪᠢᠬᠰᠠᠨ ᠲᠣᠬᠢᠶᠠᠯᠳᠣᠯ ᠳᠤ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠶ ᠲᠤᠭ᠎ᠠ ᠪᠠ ᠪᠦᠳᠦᠭᠦᠨ | ᠭᠡᠳᠡᠰᠦᠨ ᠦᠪᠠᠺᠲ᠋ᠧᠷᠢ ᠶᠢᠨ ᠪᠦᠭᠡᠮᠨᠡᠷᠡᠯ ᠤᠨ ᠲᠤᠭ᠎ᠠ ᠬᠡᠮᠵᠢᠭᠳᠡᠯ ᠨᠢ ᠴᠥᠮ ᠮᠠᠰᠢ ᠥᠨᠳᠥᠷ ᠪᠠᠶᠢᠨ᠎ᠠ᠃ ᠲᠡᠶᠢᠮᠦ ᠠᠴᠠ | ᠰᠠᠪᠬ᠎ᠠ ᠪᠠᠨ ᠵᠠᠪᠠᠯ ᠳᠡᠭᠡᠭᠰᠢ ᠨᠢ ᠬᠠᠷᠠᠭᠤᠯᠵᠤ ᠲᠠᠯᠪᠢᠬᠤ ᠭᠡᠷᠡᠭᠳᠠᠢ᠃ ᠡᠭᠦᠨ ᠠᠴᠠ ᠭᠠᠳᠠᠨ᠎ᠠ ᠤᠳᠠᠭᠠᠨ ᠡᠳᠤᠷ | ᠬᠡᠷᠡᠭᠯᠡᠭᠰᠡᠨ ᠦᠭᠡᠢ ᠰᠠᠪᠬ᠎ᠠ ᠪᠠᠨᠪᠤᠴᠠᠯᠤᠭᠰᠠᠨ ᠤᠰᠤᠨ ᠳᠤ ᠳᠡᠪᠲᠦᠭᠡᠪᠠᠯ ᠰᠠᠪᠬᠠᠨ ᠳᠡᠭᠡᠷᠡᠬᠢ ᠪᠠᠺᠲ᠋ᠧᠷᠢ ᠶᠢ ᠨᠢ | ᠠᠯᠠᠬᠤ ᠳᠤ ᠲᠤᠰᠠᠳᠠᠢ ᠶᠤᠮ᠃ | ᠵᠠᠷᠢᠮ ᠠᠶᠢᠯ ᠠᠷᠢᠭᠤᠨ ᠴᠡᠪᠡᠷ ᠢ ᠶᠡᠭᠡ ᠠᠩᠬᠠᠷᠳᠠᠭ ᠪᠤᠯᠬᠤᠷ ᠭᠡᠷ ᠲᠡᠭᠡᠨ ᠦᠪᠡᠷ ᠦᠪᠡᠷ ᠤᠨ ᠢᠶᠠᠨ | ᠰᠠᠪᠬ᠎ᠠ ᠵᠢᠬᠡᠷᠡᠭᠯᠡᠳᠡᠭ᠃ ᠭᠡᠪᠡᠴᠦ ᠰᠠᠪᠬ᠎ᠠ ᠶᠢ ᠤᠳᠠᠭᠠᠨ ᠬᠡᠷᠡᠭᠯᠡᠪᠠᠯ ᠦᠡᠭᠭᠡ ᠨᠢ ᠤᠨᠠᠵᠤ ᠴᠠᠪᠠ ᠭᠠᠷᠬᠤ ᠨᠢ | ᠲᠠᠮᠵᠢᠭ ᠦᠭᠡᠢ ᠪᠣᠯᠬᠤᠷ ᠪᠦᠷᠢᠮᠦᠰᠦᠨ ᠴᠡᠪᠡᠷ ᠤᠬᠢᠶᠠᠵᠤ ᠲᠠᠶᠢᠯᠬᠦ ᠦᠭᠡᠢ ᠪᠤᠯᠵᠤ᠂ ᠬᠤᠲᠣᠭᠤᠷ ᠬᠦᠳᠤᠬᠦᠷ ᠲᠤᠨᠢ | ᠪᠠᠺᠲ᠋ᠧᠷᠢ ᠨᠢᠭᠤᠬᠳᠠᠨ᠂ ᠮᠤᠷᠦ᠋ᠢᠬᠤ ᠭᠠᠵᠢᠬᠤ ᠪᠠᠷ ᠪᠠᠷᠠᠬᠤ ᠦᠭᠡᠢ ᠸᠠᠯᠠᠬᠰᠠᠨ ᠲᠣᠯᠪᠤ ᠰᠠᠭᠤᠵᠤ ᠦᠮᠡᠭᠡᠢ ᠦᠨᠦᠷ | ᠭᠠᠷᠳᠠᠭ᠃ ᠲᠠᠶᠢᠮᠤ ᠠᠴᠠ ᠪᠠᠺᠲ᠋ᠧᠷᠢ ᠶᠢᠨ ᠬᠦᠯᠡᠮᠵᠢ ᠪᠤᠯᠤᠬᠰᠠᠨ ᠡᠳᠡᠭᠡᠷ ᠰᠠᠪᠬ᠎ᠠ ᠶᠢ ᠬᠠᠶᠢᠷᠠᠯᠠᠯ ᠦᠭᠡᠢ ᠰᠢᠭᠤᠳ | ᠬᠠᠶᠠᠭᠠᠳ᠂ ᠵᠤᠬᠢᠬᠤ ᠬᠤᠭᠤᠴᠠᠭᠠᠨ ᠳᠤ ᠰᠢᠨ᠎ᠠ ᠰᠠᠪᠬᠠᠰᠤᠯᠢᠵᠤ ᠪᠠᠶᠢᠭᠠᠷᠠᠢ ᠃ | |