ᠨᠢᠭᠡ | ᠸᠠᠭᠠᠷ ᠳᠣᠭᠤᠰᠬᠠᠨ ᠪᠦᠳᠦᠴᠠ ᠲᠠᠢ ᠰᠢᠨ᠎ᠠ ᠮᠠᠶ᠋ᠢᠭ ᠤᠨ ᠰᠦᠷᠯᠢᠭ ᠳᠣᠬᠢᠯᠢᠬ ᠳᠣᠮᠣ ᠪᠠᠶᠢᠰᠢᠩ ᠤᠨ ᠨᠦᠮᠦᠷᠢ | ᠳᠠᠯ᠎ᠠ ᠳᠤ ᠬᠦᠵᠦᠬᠦᠨ ᠳᠤ ᠪᠠᠨ ᠳᠠᠮᠣᠷ ᠬᠢᠨᠵᠢ ᠲᠠᠢ ᠬᠠᠯᠳᠠᠷ ᠨᠣᠬᠠᠢ ᠨᠢᠳᠣ ᠪᠠᠨ ᠡᠷᠬᠦᠵᠣ ᠳᠠᠭᠠᠭᠠᠬᠤ ᠦᠭᠡᠢ ᠭᠡᠮᠡᠷ | ᠭᠡᠪᠳᠡᠬᠦ ᠨᠢ ᠬᠠᠯᠠᠭᠤᠨ ᠨᠠᠷᠠᠨ ᠳᠤ ᠨᠦᠢᠷᠮᠤᠭᠯᠠᠵᠤ ᠪᠠᠶᠢᠭ᠎ᠠ ᠶᠢᠨ ᠣᠴᠢᠷ ᠪᠢᠰᠢ᠂ ᠬᠠᠷᠢᠨ ᠬᠤᠭᠤᠯᠠ ᠣᠮᠳᠠ ᠦᠭᠡᠢ | ᠬᠤᠶᠠᠷ ᠬᠤᠨᠤᠭ ᠪᠣᠯᠣᠭᠰᠠᠨ ᠤ ᠬᠢᠨᠢ ᠣᠴᠢᠷ ᠡᠨᠡ ᠪᠠᠶᠢᠵᠠᠢ᠃ | ᠭᠡᠷ ᠳᠣᠳᠣᠷ᠎ᠠ ᠠᠴᠠ ᠫᠠᠷᠬᠢᠯ ᠪᠦᠳᠦᠬᠦᠨ ᠬᠤᠭᠤᠯᠠᠢ ᠲᠠᠢ ᠡᠵᠡᠨ ᠤ ᠬᠢᠨᠢ ᠭᠡᠨ ᠨᠢᠭᠡᠨ ᠲᠠᠢ ᠶᠠᠷᠢᠯᠴᠠᠨ | ᠬᠦᠭᠡᠷᠦᠯᠳᠦᠬᠦ ᠪᠠ ᠬᠠᠶᠠ ᠬᠠᠶᠠ ᠬᠤᠨᠳᠠᠭ᠎ᠠ ᠠᠶᠠᠭ᠎ᠠ ᠮᠦᠷᠬᠦᠯᠳᠣᠵᠣ ᠬᠠᠨᠭ᠍ᠬᠢᠨᠠᠬᠤ ᠳᠠᠭᠤᠨ ᠬᠢᠭᠡᠳ ᠮᠢᠬ᠎ᠠ | ᠵᠠᠭᠤᠰᠢ ᠶᠢᠨ ᠠᠩᠬᠢᠯᠣᠮ᠎ᠠ ᠰᠣᠳᠣᠨ ᠦᠨᠦᠷ ᠲᠤ ᠭᠠᠳᠠᠨ᠎ᠠ ᠴᠣᠩᠬᠤᠨ ᠣᠭ ᠲᠤ ᠠᠷᠭᠠᠮᠵᠢᠶ᠎ᠠ ᠲᠠᠢ ᠬᠠᠯᠳᠠᠷ ᠤᠨ | ᠦᠯᠦᠨ ᠭᠡᠳᠡᠰᠣ ᠨᠢ ᠣᠯᠠᠮ ᠬᠤᠷᠴᠢᠬᠢᠨᠠᠨ ᠭᠤᠨᠭ᠍ᠬᠢᠨᠠᠵᠣ ᠠᠷᠭ᠎ᠠ ᠠᠭᠠᠰᠢ ᠶᠢ ᠨᠢ ᠠᠯᠳᠠᠷᠠᠭᠤᠯᠣᠨᠠ᠃ | ᠠᠢ᠂ ᠨᠢᠭᠡ ᠪᠣᠳᠣᠪᠠᠯ ᠡᠨᠡ ᠬᠦ ᠦᠯᠦᠰᠴᠣ ᠦᠯᠪᠡᠷᠡᠬᠦ ᠶᠠᠯᠠᠳᠠᠯ ᠢ ᠪᠦᠷ ᠦᠪᠡᠷ ᠢᠶᠠᠨ ᠣᠯᠣᠭᠰᠠᠨ ᠭᠡᠵᠣ | ᠭᠡᠯᠡᠵᠣ ᠪᠣᠯᠣᠮᠠᠷ ᠡ᠃ ᠡᠮᠦᠨ᠎ᠠ ᠭᠡᠳᠣᠨ ᠡᠳᠣᠷ ᠡᠵᠡᠨ ᠤ ᠴᠢᠷᠦᠯᠭᠡ ᠪᠠᠷ ᠰᠦᠨᠢ ᠶᠢᠨ ᠠᠡᠭ ᠤᠨ ᠭᠠᠷᠬᠤ ᠳᠤ ᠪᠠᠨ | ᠪᠢᠴᠢᠬᠠᠨ ᠪᠦᠵᠦᠩ ᠳᠠᠣᠯᠠᠢ ᠶᠢ ᠰᠠᠪᠠᠷᠳᠠᠵᠣ ᠠᠪᠴᠢᠬᠠᠭᠠᠳ ᠡᠴᠣᠰ ᠲᠤ ᠳᠠᠯᠪᠢᠵᠣ ᠶᠠᠪᠣᠭᠤᠯᠣᠭᠰᠠᠨ ᠤ | ᠶᠠᠷᠰᠢᠭ ᠠᠴᠠ ᠪᠣᠯᠣᠭᠰᠠᠨ ᠭᠡᠳᠡᠭ ᠢ ᠬᠠᠯᠳᠠᠷ ᠳᠣᠳᠣᠷ᠎ᠠ ᠪᠠᠨ ᠲᠣᠳᠣᠷᠬᠠᠢ ᠮᠠᠳᠠᠵᠣ ᠪᠠᠢᠨ᠎ᠠ᠃ ᠭᠡᠪᠡᠴᠣ ᠶᠠᠭᠠᠬᠢᠪᠠ︖ | ᠦᠨᠦ ᠳᠠᠣᠯᠠᠢ ᠡᠭᠡ ᠨᠢ ᠬᠠᠵᠠᠭᠤᠳᠠᠬᠢ ᠪᠣᠳᠠᠨ ᠠᠴᠠ ᠣᠬᠢᠯᠠᠵᠣ ᠭᠠᠰᠠᠯᠤᠨ᠄ ︽ᠬᠠᠯᠳᠠᠷ ᠡᠪᠦᠭᠡ ᠡ᠂ ᠳᠠᠨ ᠢ | ᠭᠤᠶᠣᠶᠠ᠃ ᠡᠮᠦᠨ᠎ᠠ ᠰᠦᠨᠢ ᠭᠡᠳᠣᠨ ᠮᠣᠲ᠋ᠣᠷ ᠲᠠᠢ ᠡᠷᠯᠢᠭ ᠠᠮᠢᠳᠠᠳ ᠢᠷᠡᠵᠣ ᠡᠪᠦᠭᠡᠨ ᠪᠣᠯᠣᠨ ᠶᠡᠭᠡ ᠬᠦᠦ ᠶᠢ | ᠮᠢᠨᠢ ᠦᠵᠠᠵᠣ ᠪᠠᠢᠳᠠᠯ᠎ᠠ ᠮᠣᠲ᠋ᠣᠷ ᠤᠨ ᠡᠮᠦᠨ᠎ᠠ ᠬᠦᠷᠳᠣ ᠪᠠᠷ ᠢᠶᠠᠨ ᠨᠢᠷᠣᠭᠤ ᠶᠢ ᠨᠢ ᠨᠢᠴᠠᠯᠵᠤ ᠨᠢᠳᠣ ᠶᠢ ᠨᠢ | ᠪᠦᠯᠲᠡᠷᠡᠲᠡᠯ᠎ᠡ ᠳᠠᠭᠠᠷᠢᠭᠤᠯᠤᠨ ᠪᠠᠶᠢᠵᠦ ᠠᠯᠠᠭᠠᠳ ᠠᠷᠢᠬᠢᠨ ᠵᠠᠭᠤᠰᠢ ᠬᠢᠬᠦ ᠭᠡᠮᠡᠨ ᠭᠡᠯᠡᠯᠴᠡᠭᠰᠡᠭᠡᠷ ᠠᠷᠢᠯᠵᠣ | ᠣᠳᠣᠭᠰᠠᠨ ᠶᠣᠮ᠃ ᠣᠳᠣ ᠮᠢᠨᠣ ᠡᠨᠡ ᠬᠦ ᠦᠷ᠎ᠠ ᠶᠢᠨ ᠭᠠᠭᠴᠠ ᠦᠬᠢᠨ ᠢ ᠮᠢᠨᠢ ᠵᠢᠭᠠᠬᠠᠨ ᠴᠦ ᠭᠡᠰᠡᠨ | ᠦᠷᠦᠰᠢᠶᠠᠠ ᠬᠠᠶᠢᠷᠠᠯᠠᠭᠠᠴᠢ᠂ ᠡᠰᠡᠬᠦᠯ᠎ᠠ ᠭᠡᠦᠭᠡᠨ ᠢ ᠮᠢᠨᠢ ᠳᠠᠯᠪᠢᠵᠣ ᠨᠠᠮ᠎ᠠ ᠶᠢ ᠣᠷᠣᠨ ᠳᠤ ᠨᠢ ᠪᠠᠷᠢᠵᠣ | ᠡᠵᠡᠨ ᠳᠤ ᠪᠠᠨ ᠳᠣᠰᠢᠶᠠᠴᠢᠬᠠ᠂ ᠬᠠᠯᠳᠠᠷ ᠡᠪᠦᠭᠡ ᠡ᠂ ᠪᠢ ᠴᠢᠮ᠎ᠠ ᠶᠢ ᠭᠤᠶᠣᠶᠠ᠃ ᠬᠤᠷᠳᠣᠨ ᠳᠠᠯᠪᠢᠬᠤ ᠦᠭᠡᠢ | ᠪᠣᠯ ᠳᠡᠳᠡᠭᠡᠷ ᠮᠣᠲ᠋ᠣᠷ ᠵᠠᠶᠢᠲᠠᠯᠠᠭᠰᠠᠨ ᠠᠮᠢᠳᠠᠳ ᠢᠷᠡᠪᠡᠯ ᠪᠢᠳᠠ ᠠᠯᠢ ᠨᠢ ᠴᠦ ᠮᠣᠯᠳᠣᠷᠠᠵᠣ ᠲᠠᠶᠢᠯᠡᠬᠦ ᠦᠭᠡᠢ ᠰᠢᠣ | ᠃︾ | ᠬᠠᠯᠳᠠᠷ ᠤᠨ ᠬᠠᠳᠠᠭᠤ ᠭᠤᠬᠢᠷ ᠬᠢᠮᠣᠰᠣ ᠲᠠᠢ ᠰᠠᠪᠠᠷ ᠶᠠᠭᠠᠬᠢᠵᠣ ᠰᠣᠯᠠᠷᠠᠭᠰᠠᠨ ᠢᠶᠠᠨ ᠦᠪᠡᠷ ᠢᠶᠠᠨ ᠴᠦ | ᠮᠡᠳᠡᠭᠰᠡᠨ ᠦᠭᠡᠢ᠃ ᠨᠢᠭᠡ ᠮᠡᠳᠡᠬᠦ ᠳᠤ ︽ᠡᠭᠡ ᠦᠬᠢᠨ︾ ᠬᠤᠶᠠᠷ ᠳᠠᠣᠯᠠᠢ ᠪᠣᠳᠠᠨ ᠤ ᠴᠠᠭᠠᠨ᠎ᠠ ᠠᠴᠠ ᠭᠤᠬᠢᠯᠵᠠᠨ | ᠮᠦᠷᠬᠦᠬᠦ ᠰᠢᠭ ᠪᠣᠯᠵᠣ᠂ ᠤᠭᠤᠬᠢᠯᠠᠵᠤ ᠠᠭᠠᠬᠢᠯᠠᠭᠰᠠᠨ ᠮᠣᠲ᠋ᠣᠷ ᠤᠨ ᠲᠠᠭᠤᠨ ᠳᠤ ᠰᠣᠴᠢᠨ ᠭᠡᠯᠮᠡᠭᠳᠡᠬᠦ ᠳᠤ ᠪᠠᠨ | ᠬᠠᠷᠭᠠᠨ᠎ᠠ ᠶᠢᠨ ᠪᠣᠳᠠᠨ ᠤ ᠬᠠᠷᠠᠩᠭᠤᠢ ᠰᠠᠬᠦᠳᠠᠷ ᠢᠶᠠᠷ ᠳᠠᠯᠳᠠ ᠣᠷᠣᠵᠣ ᠣᠴᠢᠭᠰᠠᠨ ᠪᠠᠶᠢᠪᠠ᠃ | ᠬᠠᠯᠳᠠᠷ ᠢ ᠪᠠᠶ᠎ᠠ ᠡᠷᠬᠢᠬᠦ ᠳᠤ ᠮᠣᠲ᠋ᠣᠷ ᠤᠨ ᠬᠤᠷᠴᠠ ᠳ᠋ᠸᠡᠭ ᠤᠨ ᠬᠡᠷᠡᠯ ᠶᠠᠭ ᠳᠠᠬᠦᠨ ᠢ ᠬᠠᠷᠠᠴᠠ ᠬᠠᠯᠢᠷᠠᠳᠠᠯᠠ | ᠬᠡᠶᠢᠬᠦᠯᠵᠦ ᠪᠠᠶᠢᠭᠰᠠᠨ ᠢᠶᠠᠨ ᠭᠡᠨᠡᠳᠳᠠ ᠡᠵᠡᠨ ᠤ ᠬᠢᠨᠢ ᠳᠣᠮᠣ ᠭᠤᠳᠣᠯ ᠨᠠᠶᠢᠷ ᠦᠭᠡᠢ ᠳᠠᠬᠦᠨ ᠤ ᠦᠯᠦᠨ ᠭᠡᠳᠡᠰᠣ | ᠡᠪᠴᠢᠬᠦᠨ ᠤ ᠳᠣᠮᠳᠠ ᠨᠢ ᠳᠣᠰᠴᠣ ᠬᠠᠯᠳᠠᠷ ᠶᠠᠭᠤ ᠬᠠᠢ ᠪᠠᠨ ᠮᠠᠳᠠᠯ ᠦᠭᠡᠢ ᠭᠡᠢ ᠳᠡᠭᠡᠷ᠎ᠠ ᠭᠡᠳᠣ ᠡᠷᠬᠢᠯᠳᠣᠵᠣ | ᠪᠣᠳᠠᠨ ᠤ ᠴᠠᠭᠠᠨ᠎ᠠ ᠪᠦᠮᠪᠦᠷᠢᠨ ᠣᠨᠠᠵᠠᠢ᠃ | ᠵᠣᠯ ᠢᠶᠠᠷ ᠴᠠᠭᠠᠨ᠎ᠠ ᠨᠢ ᠵᠦᠭᠡᠯᠡᠨ ᠴᠠᠭᠠᠨ ᠮᠠᠩᠬ᠎ᠠ ᠪᠠᠶᠢᠭᠰᠠᠨ ᠳᠤ ᠪᠠᠨ ᠠᠷᠠᠢ ᠰᠢᠷᠬ᠎ᠠ ᠭᠡᠮ ᠦᠭᠡᠢ ᠦᠯᠡᠳᠡᠵᠡᠢ᠃ | ᠬᠤᠶᠢᠨ᠎ᠠ ᠠᠴᠠ ᠨᠢ ᠡᠵᠡᠨ ᠤ ᠬᠢᠨᠢ ︽ᠼᠤᠤ ᠨᠢ ᠮᠠ ᠳ᠋ᠢ︾ ᠭᠡᠵᠣ ᠪᠠᠷᠬᠢᠯ ᠪᠦᠳᠦᠬᠦᠨ ᠬᠤᠭᠤᠯᠠᠢ ᠪᠠᠷ ᠳᠡᠬᠢᠨ | ᠳᠠᠬᠢᠨ ᠵᠠᠩᠳᠣᠷᠬᠤ ᠨᠢ ᠳᠠᠬᠦᠨ ᠳᠤ ᠦᠯᠦ ᠤᠶᠢᠯᠠᠭᠠᠭᠳᠠᠵᠤ ᠰᠣᠨᠢᠨ ᠰᠠᠨᠠᠭᠳᠠᠨ ᠪᠠᠶᠢᠭᠰᠠᠨ ᠴᠦ ᠳᠠᠷᠠ ᠪᠦᠬᠦᠨ ᠢ | ᠬᠠᠮᠢᠶᠠᠷᠬᠤ ᠵᠠᠪ ᠦᠭᠡᠢ ᠨᠢᠭᠡᠯᠭᠡᠨ ᠠᠮᠢᠰᠬᠤᠭ᠎ᠠ ᠪᠠᠷ ᠭᠡᠷ ᠵᠦᠭ ᠢᠶᠠᠨ ᠬᠦᠶᠦᠵᠣ ᠢᠷᠡᠭᠰᠡᠨ ᠪᠠᠶᠢᠵᠠᠢ᠃ | ᠣᠳᠣ ᠪᠣᠳᠣᠬᠤ ᠳᠤ ᠲᠡᠷᠨ ᠬᠦ ᠰᠣᠨᠢᠨ ᠠᠶᠠᠯᠭᠤ ᠲᠠᠢ ᠦᠭᠡ ᠶᠢ ᠦᠨᠦ ᠬᠢ ᠰᠢᠷ᠎ᠠ ᠭᠡᠵᠢᠭᠡᠳᠣ ︽ᠠᠮᠢᠳᠠᠨ︾ | ᠠᠴᠠ ᠰᠣᠷᠣᠭᠰᠠᠨ ᠪᠠᠶᠢᠵᠤ ᠮᠠᠳᠠᠨ᠎ᠠ᠃ | ᠣᠷᠴᠢᠮ ᠮᠠᠨᠠᠢᠬᠢᠨ ᠳᠤ ᠲᠡᠶᠢᠮᠦ ᠬᠡᠯᠡ ᠠᠶᠠᠯᠭᠤ ᠲᠠᠢ ᠰᠢᠷ᠎ᠠ ᠭᠡᠵᠢᠭᠡ ᠲᠠᠢ ᠠᠮᠢᠳᠠᠨ ᠡᠳᠣᠷ ᠰᠦᠨᠢ ᠶᠢᠨ | ᠴᠢᠯᠦᠭᠡ ᠵᠠᠪ ᠢᠶᠠᠷ ᠦᠷᠬᠦᠯᠵᠢ ᠡᠷᠬᠢᠴᠠᠬᠦ ᠪᠣᠯᠣᠭᠰᠠᠨ ᠨᠢ ᠰᠣᠨᠢᠷᠬᠠᠯᠳᠠᠢ᠃ ᠦᠨᠣ ᠮᠠᠯᠠᠭᠡᠢ ᠬᠠᠷ᠎ᠠ ᠳᠡᠷᠭᠡ ᠨᠢ | ᠬᠠᠰᠢᠶᠠᠨ ᠤ ᠬᠠᠵᠠᠭᠤ ᠳᠤ ᠵᠣᠭᠰᠣᠵᠣ᠂ ᠭᠡᠷ ᠳᠣᠳᠣᠷ᠎ᠠ ᠠᠴᠠ ᠲᠡᠷᠨ ᠬᠦ ᠮᠠᠩᠬᠠᠨ ᠰᠢᠷ᠎ᠠ ᠵᠣᠷᠠᠮ᠎ᠠ ᠰᠢᠬ ᠬᠠᠶᠠ | ᠬᠠᠶᠠ ︽ᠵᠢᠰ ᠵᠠᠰ︾ ᠢᠨᠢᠶᠠᠬᠦ ᠳᠠᠭᠤᠨ ᠰᠣᠨᠣᠰᠳᠠᠵᠣ ᠪᠠᠶᠢᠬᠤ ᠪᠠᠷ ᠨᠢ ᠦᠨᠦ ᠰᠢᠷ᠎ᠠ ᠵᠣᠴᠢᠨ ᠨᠢ ᠢᠷᠡᠭᠰᠡᠨ | ᠭᠡᠳᠡᠭ ᠨᠢ ᠢᠯᠠᠷᠭᠡᠢ ᠭᠡᠵᠣ ᠬᠠᠯᠳᠠᠷ ᠨᠢ ᠨᠤ᠋ ᠦᠭᠡᠢ ᠮᠠᠳᠠᠵᠣ ᠪᠠᠶᠢᠯ᠎ᠠ᠃ | ᠭᠡᠨᠡᠳᠳᠠ ︽ᠳᠦᠷ︾ ᠭᠢᠵᠣ ᠴᠣᠩᠬᠤ ᠨᠡᠭᠡᠭᠡᠭᠳᠡᠨ ᠨᠢᠭᠡᠨ ᠱᠠᠭᠠᠵᠠᠩ ᠠᠷᠢᠬᠢᠨ ᠯᠣᠩᠬᠤ ᠰᠢᠳᠡᠭᠳᠡᠨ ᠭᠠᠷᠴᠣ | ᠢᠷᠡᠭᠡᠳ ᠬᠠᠯᠳᠠᠷ ᠤᠨ ᠬᠠᠮᠠᠷ ᠳᠣᠣᠷ᠎ᠠ ᠲᠤᠰᠪᠠ᠃ ᠵᠣᠣᠪᠠᠨᠭ᠌ ᠭᠡᠯᠪᠡᠷᠢᠳᠣ ᠠᠷᠢᠬᠢᠨ ᠯᠣᠩᠬᠤ ᠢᠷᠣᠭᠠᠷ ᠢᠶᠠᠷ ᠢᠶᠠᠨ | ᠭᠡᠳᠣ ᠳᠣᠩᠬᠤᠯᠵᠠᠵᠣ ᠪᠠᠶᠢᠭᠰᠠᠨ ᠢᠶᠠᠨ ᠡᠴᠣᠰ ᠲᠤ ᠪᠠᠨ ᠬᠠᠵᠠᠶᠢᠨ ᠣᠨᠠᠭᠠᠳ ︽ᠯᠤᠭ ᠯᠤᠭ︾ ᠬᠢᠨ ᠬᠠᠮᠠᠷ | ᠴᠣᠷᠬᠢᠮᠠ ᠭᠠᠰᠠᠩ ᠦᠨᠦᠷ ᠲᠠᠢ ᠣᠰᠣ ᠨᠢ ᠣᠷᠣᠰᠣᠨ᠎ᠠ᠃ | ︽ᠳᠦᠭᠵᠢᠶᠡᠰᠣ ᠶᠢ ᠨᠢ ᠠᠪᠣᠭᠠᠳ ᠭᠡᠳᠣᠨ ᠬᠤᠨᠤᠭ ᠪᠣᠯᠴᠢᠬᠠᠭᠰᠠᠨ ᠬᠦᠢᠳᠠᠨ ᠠᠷᠢᠬᠢ ᠪᠠᠷ ᠵᠣᠴᠢᠨ | ᠲᠠᠶᠢᠯᠠᠬᠤ ᠭᠡᠭᠴᠢ ᠡᠨᠡ ᠯᠡ ᠠᠯᠵᠠᠭᠠᠦ ᠴᠢᠳᠬᠦᠷ ᠤᠨ ᠬᠢᠵᠦ ᠪᠠᠶᠢᠭ᠎ᠠ ᠣᠴᠢᠷ ᠡ᠂ ᠪᠢ ᠲᠠ ᠨᠠᠷ ᠲᠤ ᠦᠭᠡᠷ᠎ᠠ | ᠰᠠᠶᠢᠨ ᠠᠷᠢᠬᠢ ᠬᠠᠯᠠᠭᠠᠵᠣ ᠠᠪᠴᠢᠷᠠᠶ᠎ᠠ᠃ ᠦᠭᠡᠢ᠂ ᠡᠨᠡ ᠵᠦᠨᠦᠮᠡᠯ ᠴᠢ ᠭᠡᠵᠣ ᠳ᠋ᠠ᠂ ᠨᠠᠮ᠎ᠠ ᠶᠢ ᠮᠢᠬ᠎ᠠ ᠨᠣᠭᠤᠭ᠎ᠠ | ᠬᠠᠭᠤᠷᠴᠦ ᠪᠠᠶᠢᠭ᠎ᠠ ᠬᠤᠭᠤᠷᠣᠨᠳᠣ ᠠᠷᠢᠬᠢ ᠠᠪᠬᠤ ᠪᠠᠷ ᠪᠠᠭᠤᠬᠤ ᠠᠴᠠ ᠪᠠᠨ ᠴᠦ ᠵᠠᠯᠬᠠᠭᠤᠷᠠᠭᠠᠳ ᠬᠠᠭᠤᠴᠢᠨ | ᠠᠷᠢᠬᠢ ᠪᠠᠷ ᠢᠶᠠᠨ ᠵᠣᠴᠢᠨ ᠢ ᠳᠠᠶᠢᠯᠠᠬᠤ ᠭᠡᠭᠴᠢ᠂ ᠶᠤᠰᠤᠲᠠᠢ ᠵᠠᠯᠬᠠᠭᠤ ᠶᠢᠨ ᠳᠦᠢᠯ ᠡ︕︾ ᠭᠡᠵᠣ ᠨᠠᠷᠢᠬᠠᠨ | ᠬᠤᠭᠤᠯᠠᠢ ᠪᠠᠷ ᠶᠠᠩᠪᠠᠳᠠᠶᠢᠬᠠᠨ ᠶᠠᠷᠢᠬᠤ ᠨᠢ ᠭᠡᠷ ᠤᠨ ᠡᠵᠡᠭᠳᠡᠢ ᠶᠢᠨ ᠳᠠᠭᠤᠨ ᠪᠣᠯᠬᠤ ᠶᠢ ᠬᠠᠯᠳᠠᠷ | ᠰᠣᠨᠣᠰᠣᠮᠠᠭᠴᠠ ᠪᠠᠨ ᠮᠠᠳᠠᠨ᠎ᠠ᠃ | ᠶᠠᠭᠤ ᠶᠠᠷᠢᠬᠤ ᠨᠢ ᠨᠠᠳᠠ ᠳᠠᠯᠵᠢ ᠦᠭᠡᠢ᠂ ᠬᠠᠷᠢᠨ ᠦᠯᠦᠨ ᠭᠡᠳᠡᠰᠣ ᠪᠠᠨ ᠵᠢᠭᠠᠬᠠᠨ ᠳᠦᠬᠦᠷᠭᠡᠬᠦ ᠶᠠᠭᠤᠮ᠎ᠠ | ᠬᠠᠶᠠᠭᠳᠠᠵᠣ ᠢᠷᠡᠭᠰᠡᠨ ᠨᠢ ᠪᠠᠶᠠᠷᠯᠠᠭᠤᠰᠢᠳᠠᠢ ᠣᠴᠢᠷ ᠭᠡᠵᠣ ᠪᠣᠳᠣᠭᠰᠠᠨ ᠬᠠᠯᠳᠠᠷ ᠳᠠᠮᠣᠷ ᠬᠢᠨᠵᠢ ᠬᠠᠷᠴᠢᠬᠢᠨᠠᠭᠤᠯᠣᠨ | ᠱᠤᠩᠭᠤᠯᠠᠨ ᠣᠴᠢᠵᠣ ᠬᠠᠷ᠎ᠠ ᠬᠤᠰᠢᠭᠤ ᠪᠠᠷ ᠢᠶᠠᠨ ᠦᠨᠦᠷᠯᠠᠵᠣ ᠦᠵᠠᠪᠠᠯ᠂ ᠴᠢᠳᠬᠦᠷ ᠳᠣᠯᠢᠶᠠᠨ ᠡ︕ | ᠣᠢᠷᠠᠳᠴᠣ ᠪᠣᠯᠬᠤ ᠶᠠᠭᠤᠮ᠎ᠠ ᠪᠢᠰᠢ᠃ | ᠬᠠᠮᠠᠷ ᠭᠠᠳᠠᠮ᠎ᠠ ᠭᠡᠨᠭᠰᠢᠬᠦᠨ ᠦᠨᠦᠷ ᠢ ᠨᠢ ᠭᠡᠯᠡᠬᠦ ᠦᠭᠡᠢ᠂ ᠬᠠᠯᠳᠣ ᠨᠢᠭᠡ ᠳᠣᠯᠢᠶᠠᠵᠣ ᠦᠵᠠᠪᠠᠯ᠂ ᠢᠰᠬᠦᠯᠡᠩ | ᠭᠠᠰᠢᠭᠤᠨ ᠲᠠᠢ ᠬᠤᠯᠢᠷᠠᠭᠰᠠᠨ ᠴᠣᠬᠤᠮ ᠬᠦ ᠭᠠᠰᠢᠯᠣᠭᠰᠠᠨ ᠣᠰᠣ ᠪᠠᠶᠢᠵᠠᠢ ᠡ︕ | ᠦᠭᠡᠢ᠂ ᠶᠡᠷᠦ ᠨᠢ ᠡᠳᠡ ᠨᠠᠷ ᠶᠠᠭᠤᠨ ᠳᠤ ᠳᠡᠭᠡᠵᠣ ᠬᠠᠵᠠᠭᠤ ᠳᠤ ᠨᠢ ᠪᠣᠯᠭᠤᠵᠣ ᠰᠢᠷᠠᠭᠰᠠᠨ ᠮᠢᠬ᠎ᠠ ᠣᠪᠣᠭᠠᠷᠠᠵᠣ | ᠪᠠᠢᠬᠤ ᠳᠤ ᠢᠳᠡᠬᠦ ᠦᠭᠡᠢ᠂ ᠦᠨᠦ ᠡᠭᠡᠬᠦᠨ ᠭᠠᠰᠢᠭᠤᠨ ᠣᠰᠣ ᠪᠠᠷ ᠢᠶᠠᠨ ᠨᠢᠭᠡ ᠨᠢᠭᠡᠨ ᠢᠶᠠᠨ ᠲᠠᠶᠢᠯᠠᠵᠤ ᠴᠢ ᠨᠢᠭᠡ | ᠬᠠᠳᠠᠭᠠᠴᠢᠬᠠ᠂ ᠪᠢ ᠨᠢᠭᠡ ᠬᠦᠨᠳᠣᠷᠴᠢᠭᠡᠶᠠ ᠭᠡᠵᠣ ᠶᠠᠩᠨᠠᠵᠣ ᠳᠡᠶᠢᠯᠳᠡᠭ ᠢ ᠪᠣᠣ ᠮᠠᠳᠠ ᠡ᠃ | ᠬᠠᠯᠳᠠᠷ ᠮᠦᠨ ᠯᠠ ᠴᠣᠩᠬᠤᠨ ᠣᠭ ᠲᠤ ᠪᠠᠨ ᠣᠴᠢᠵᠣ ᠪᠣᠭᠵᠦ᠋ᠢᠵᠤ ᠭᠡᠪᠳᠡᠪᠡ᠃ | ᠮᠠᠯ ᠤᠨ ᠬᠠᠰᠢᠶᠠᠨ ᠠᠴᠠ ᠨᠠᠰᠣᠳᠠᠢ ᠡᠵᠢ ᠠᠷᠭᠠᠯ ᠡᠪᠡᠰᠣᠨ ᠤ ᠭᠡᠮᠭᠡᠳᠡᠭ ᠨᠠᠭᠠᠯᠳᠣᠵᠣ ᠬᠤᠷᠪᠤᠶᠢᠭᠰᠠᠨ ᠬᠠᠷ᠎ᠠ | ᠳᠠᠭ ᠰᠢᠣᠬᠠᠨ ᠪᠣᠯᠣᠭᠰᠠᠨ ᠬᠠᠭᠤᠴᠢᠨ ᠴᠠᠮᠴᠠ ᠪᠠᠨ ᠬᠦᠪᠢᠭᠰᠡᠭᠡᠷ ᠭᠠᠷᠴᠣ ᠢᠷᠡᠭᠡᠳ ᠳᠠᠬᠢᠨ ᠭᠠᠭ᠋ᠠᠢ ᠶᠢᠨ ᠡᠬᠦᠷ | ᠵᠦᠭ ᠢᠶᠠᠨ ᠰᠠᠭᠤᠯᠠᠭ᠎ᠠ ᠳᠡᠬᠦᠵᠢᠯᠡᠨ ᠮᠠᠶᠢᠵᠢᠬᠢᠨᠠᠵᠦ ᠣᠳᠬᠤ ᠶᠢ ᠬᠠᠷᠠᠭᠰᠠᠨ ᠬᠠᠯᠳᠠᠷ ᠠᠯᠠᠰᠬᠢᠨ ᠪᠠᠶᠠᠷᠯᠠᠵᠣ | ᠪᠠᠶᠢᠳᠠᠭ ᠴᠢᠳᠠᠯ ᠢᠶᠠᠷ ᠢᠶᠠᠨ ᠭᠠᠰᠠᠯᠵᠤ ᠦᠰᠦᠷᠬᠢᠯᠠᠨ ᠠᠪᠣᠷᠠᠯ ᠭᠤᠶᠣᠬᠤ ᠰᠢᠬ ᠳᠦᠷᠢᠯᠠᠵᠠᠢ᠃ | ᠨᠠᠰᠣᠳᠠᠨ ᠭᠠᠭ᠋ᠠᠢ ᠶᠢᠨ ᠬᠤᠭᠤᠯᠠ ᠬᠢᠳᠡᠭ ᠰᠠᠭᠤᠯᠠᠭ᠎ᠠ ᠪᠠᠨ ᠭᠠᠵᠠᠷ ᠳᠠᠯᠪᠢᠭᠠᠳ ᠬᠠᠯᠳᠠᠷ ᠤᠨ ᠬᠠᠵᠠᠭᠤ ᠳᠤ | ᠮᠠᠶᠢᠵᠢᠬᠢᠨᠡᠨ ᠠᠯᠬᠤᠵᠣ ᠢᠷᠡᠭᠡᠳ᠄ ︽ᠶᠠᠭᠠᠬᠢᠴᠢᠬᠠᠪᠠ︖ ᠬᠠᠯᠳᠠᠷ ᠡ᠃ ᠴᠢᠮ᠎ᠠ ᠳᠤ ᠡᠳᠣᠢ ᠪᠣᠯᠳᠠᠯ᠎ᠠ ᠬᠤᠭᠤᠯᠠ | ᠬᠢᠵᠣ ᠦᠭᠬᠦᠭᠡᠳᠣᠢ ᠶᠣᠮ ᠤᠤ︖ ᠦᠯᠦᠰᠴᠣ ᠪᠠᠶᠢᠨ᠎ᠠ ᠤᠤ︖ ᠡᠰᠡᠬᠦᠯ᠎ᠠ ᠣᠮᠳᠠᠭᠠᠰᠴᠣ ᠪᠠᠶᠢᠨ᠎ᠠ ᠤᠤ︖︾ | ᠭᠡᠵᠣ ᠨᠠᠰᠣᠳᠠᠨ ᠢ ᠬᠦᠭᠡᠷᠦᠬᠦ᠋ᠢᠯᠠᠨ ᠭᠡᠯᠡᠬᠦ ᠳᠤ ᠬᠡᠴᠢᠨᠡᠭᠡᠨ ᠡᠳᠣᠷ ᠤᠨ ᠭᠤᠮᠣᠳᠠᠯ ᠬᠢᠯᠢᠰ ᠢᠶᠠᠨ ᠢᠯᠡᠳᠭᠡᠵᠣ | ᠭᠠᠷᠭᠠᠬᠤ ᠬᠦᠮᠦᠨ ᠣᠯᠵᠣ ᠬᠠᠷᠭᠤᠭᠰᠠᠨ ᠳᠤ ᠪᠠᠨ ᠬᠠᠯᠳᠠᠷ ᠴᠦ ᠪᠠᠶᠢᠳᠠᠭ ᠭᠤᠮᠣᠳᠠᠯ ᠢᠶᠠᠨ ᠢᠯᠡᠳᠭᠡᠬᠦ ᠭᠡᠵᠣ | ᠳᠣᠯᠣᠭᠠᠢ ᠳᠣᠬᠢᠯᠵᠠᠠ ᠰᠡᠬᠦᠯ ᠰᠢᠷᠪᠠᠯᠵᠠᠭᠤᠯᠵᠤ ᠡᠮᠦᠨ᠎ᠠ ᠬᠠ ᠪᠠᠨ ᠡᠷᠬᠦᠵᠣ ᠦᠰᠦᠷᠬᠢᠯᠠᠬᠦ ᠵᠡᠷᠭᠡ ᠪᠠᠶᠢᠳᠠᠭ | ᠴᠢᠳᠠᠪᠣᠷᠢ ᠪᠠᠨ ᠭᠠᠷᠭᠠᠵᠣ ᠭᠠᠰᠠᠯᠵᠤ ᠭᠤᠨᠭ᠍ᠰᠢᠨᠠ᠃ | — — ᠡᠨᠡ ᠬᠡᠤᠬᠡᠳ ᠭᠡᠵᠣ ᠡᠳᠣᠷᠵᠢᠨ ᠠᠷᠢᠬᠢ ᠮᠠᠵᠢᠶᠠᠩ ᠠᠴᠠ ᠪᠣᠰᠣᠳ ᠶᠠᠭᠤ ᠴᠦ ᠬᠠᠮᠢᠶᠠᠷᠬᠤ | ᠦᠭᠡᠢ᠃ ᠳᠠᠵᠢᠭᠡᠵᠣ ᠪᠠᠶᠢᠭ᠎ᠠ ᠠᠳᠣᠭᠤᠰᠣ ᠪᠠᠨ ᠣᠳᠣ ᠪᠦᠷ ᠦᠯᠪᠡᠷᠭᠡᠵᠣ ᠠᠯᠠᠬᠤ ᠭᠡᠮᠵᠢᠶᠠᠨ ᠳᠤ ᠬᠦᠷᠴᠠᠢ ᠬᠦ᠋ ᠁ | ᠭᠡᠵᠣ ᠨᠠᠰᠣᠳᠠᠨ ᠡᠵᠢ ᠠᠮᠠᠨ ᠳᠤ ᠪᠠᠨ ᠳᠦᠳᠦᠨᠡᠭᠰᠡᠭᠡᠷ ᠭᠡᠷ ᠲᠤ ᠪᠠᠨ ᠮᠠᠶᠢᠵᠢᠬᠢᠨᠡᠨ ᠣᠷᠣᠵᠣ ᠭᠡᠰᠡᠭ ᠣᠳᠠᠭᠠᠳ | ᠳᠣᠮᠣ ᠱᠠᠭᠠᠵᠠᠩ ᠠᠶᠠᠭ᠎ᠠ ᠲᠠᠢ ᠬᠠᠭᠠᠷᠢᠭᠰᠠᠨ ᠳᠠᠬᠢᠶᠠᠨ ᠦᠨᠳᠡᠭᠡ ᠠᠪᠴᠢᠷᠠᠵᠣ ᠬᠠᠳᠠᠵᠣ ᠬᠠᠭᠤᠷᠠᠶᠢᠳᠠᠭᠰᠠᠨ | ᠬᠤᠭᠤᠯᠠᠠ ᠰᠠᠪᠠ ᠳᠤ ᠨᠢ ᠬᠢᠵᠣ ᠦᠭᠪᠠ᠃ | ᠨᠠᠰᠣᠳᠠᠨ ᠮᠠᠭᠤ ᠬᠦᠯ ᠢᠶᠠᠨ ᠵᠦᠭᠡᠭᠡᠵᠣ ᠭᠡᠷ ᠵᠦᠭ ᠢᠶᠠᠨ ᠡᠷᠬᠢᠬᠦ ᠠᠴᠠ ᠡᠮᠦᠨ᠎ᠠ ᠬᠠᠯᠳᠠᠷ ᠱᠣᠩᠭᠤᠯᠠᠨ ᠢᠷᠠᠵᠣ | ᠵᠠᠯᠬᠢᠵᠣ ᠪᠠᠷᠠᠭᠠᠭᠠᠳ ᠨᠠᠰᠣᠳᠠᠨ ᠤ ᠱᠠᠭᠠᠵᠠᠩ ᠠᠶᠠᠭᠠᠨ ᠳᠤ ᠳᠠᠬᠢᠨ ᠨᠢᠳᠣ ᠳᠣᠰᠬᠠᠨ ᠭᠠᠯ ᠣᠯᠠᠭᠠᠨ ᠭᠡᠯᠡ ᠪᠠᠨ | ᠰᠦᠷᠡᠭᠡᠢ ᠪᠣᠰᠢᠭᠤ ᠬᠢᠯᠪᠠᠯᠵᠠᠭᠤᠯᠣᠨ ᠬᠤᠰᠢᠭᠤ ᠬᠤᠨᠭ᠍ᠰᠢᠶᠠᠷ ᠲᠤ ᠨᠢ ᠨᠠᠭᠠᠯᠳᠣᠭᠰᠠᠨ ᠦᠯᠠᠳᠠᠪᠣᠷᠢ ᠶᠢ ᠨᠢ ᠴᠦ | ᠳᠣᠯᠢᠶᠠᠵᠣ ᠠᠮᠵᠢᠵᠠᠢ᠃ | ᠰᠢᠷ᠎ᠠ ᠪᠦᠷᠣᠢ ᠶᠢᠨ ᠦᠶ᠎ᠠ ᠪᠠᠷ ᠰᠠᠶ᠋ᠢ ᠦᠨᠦ ᠰᠢᠷ᠎ᠠ ᠭᠡᠵᠢᠭᠡᠳᠣ ᠡᠷ᠎ᠠ ᠭᠡᠯᠪᠡᠯᠵᠠᠨ ᠠᠯᠬᠤᠯᠠᠭᠰᠠᠭᠠᠷ ᠭᠠᠷᠴᠣ | ᠢᠷᠡᠭᠡᠳ ᠡᠵᠡᠨ ᠤ ᠬᠢᠨᠢ ᠦᠷᠦᠭᠡᠰᠣᠨ ᠭᠠᠷ ᠠᠴᠠ ᠨᠢ ᠵᠠᠭᠤᠷᠠᠵᠤ᠄ | — — ᠬᠤᠣ ᠭᠡ ᠮᠤᠷ ︵ᠰᠠᠶᠢᠨ ᠠᠬ᠎ᠠ ᠳᠠᠬᠦᠦ︶ ᠡ᠂ ᠳᠡᠭᠡᠪᠠᠯ ᠪᠢᠳᠠ ᠡᠨᠡ ᠣᠷᠣᠢ ᠠᠴᠠ ᠡᠬᠢᠯᠡᠭᠡᠳ | ᠾᠤ᠋ ᠽᠦᠤᠤ ᠶᠧ ︵ᠬᠠᠮᠳᠣᠷᠠᠨ ᠠᠵᠢᠯᠯᠠᠶ᠎ᠠ︶᠂ ᠪᠣᠯᠣᠨ᠎ᠠ ᠪᠢᠵᠠ︖ ᠭᠡᠵᠣ ᠬᠤᠯᠢᠵᠤ ᠬᠤᠳᠬᠤᠭᠰᠠᠨ ᠬᠦᠰᠢᠬᠦᠨ | ᠮᠣᠩᠭᠤᠯ ᠭᠡᠯ᠎ᠠ ᠪᠠᠷ ᠴᠤᠯᠴᠠᠷᠢᠨ ᠶᠠᠷᠢᠯᠴᠠᠭᠰᠠᠭᠠᠷ ᠬᠦᠡᠭᠭᠡᠨ ᠬᠠᠷ᠎ᠠ ᠮᠠᠰᠢᠨ ᠳᠤ ᠪᠠᠨ ᠰᠢᠷ᠎ᠠ ᠲᠤᠯᠤᠭᠠᠢ ᠪᠠᠨ | ᠰᠢᠷᠭᠤᠭᠤᠯᠵᠤ ᠳᠣᠭᠤᠰᠣ ᠳᠠᠳᠠᠭᠤᠯᠣᠨ ᠶᠠᠪᠣᠵᠣ ᠬᠤᠯᠠᠳᠠᠬᠤ ᠶᠢ ᠬᠠᠯᠳᠠᠷ ᠴᠣᠩᠬᠤᠨ ᠡᠮᠦᠨᠠᠬᠢ ᠳᠠᠪᠰᠡᠭ | ᠲᠠᠶᠢᠵᠠ ᠳᠤ ᠭᠡᠪᠳᠡᠨ ᠵᠠᠯᠬᠠᠭᠤᠳᠠᠶᠢᠬᠠᠨ ᠣᠯᠵᠣ ᠬᠠᠷᠠᠵᠠᠢ᠃ | ᠭᠡᠬᠦ ᠳᠤ ᠰᠠᠷ᠎ᠠ ᠰᠢᠨ᠎ᠠ ᠶᠢᠨ ᠡᠬᠢᠨ ᠳᠤ ᠴᠦ ᠭᠡᠰᠡᠨ ᠶᠡᠷᠦ ᠨᠢ ᠵᠣᠴᠢᠨ ᠢᠶᠠᠨ ᠮᠣᠷᠳᠠᠭᠤᠯᠬᠤ ᠶᠢ ᠮᠡᠳᠡᠳᠡᠭ | ᠦᠭᠡᠢ ᠭᠡᠷ ᠤᠨ ᠡᠵᠡᠭᠳᠡᠢ ᠨᠢ ᠦᠨᠣᠳᠣᠷ ᠦᠨᠳᠣᠷ ᠦᠰᠦᠭᠡᠢ ᠲᠠᠢ ᠭᠤᠶᠣ ᠭᠤᠳᠣᠯ ᠢᠶᠠᠷ ᠢᠶᠠᠨ ᠨᠠᠬᠢᠯᠵᠠᠳᠠᠯᠠ | ᠠᠯᠬᠤᠵᠣ ᠭᠠᠷᠴᠣ ᠢᠷᠡᠭᠡᠳ ᠦᠨᠦ ᠰᠢᠷ᠎ᠠ ᠭᠡᠵᠢᠭᠡᠳᠣ ᠶᠢᠨ ᠳᠡᠷᠭᠡᠨ ᠬᠦᠷᠳᠣ ᠬᠦᠳᠡᠯᠳᠠᠯᠠ ᠨᠢ ᠬᠠᠵᠠᠭᠤ ᠳᠤ ᠨᠢ | ᠮᠢᠰᠢᠯᠵᠡᠨ ᠵᠣᠭᠰᠣᠵᠣ ᠪᠠᠶᠢᠭᠰᠠᠨ ᠮᠦᠷᠳᠡᠭᠡᠨ ᠠᠯᠣᠰ ᠴᠠᠭᠠᠨ᠎ᠠ ᠭᠠᠷᠳᠠᠯ᠎ᠠ ᠭᠠᠷ ᠳᠠᠯᠠᠯᠣᠨ ᠬᠤᠴᠣᠷᠣᠭᠰᠠᠨ ᠨᠢ | ᠬᠠᠯᠳᠠᠷ ᠲᠤ ᠰᠣᠨᠢᠬᠠᠨ ᠰᠠᠨᠠᠭᠳᠠᠵᠠᠢ᠃ | ᠭᠡᠷ ᠲᠤ ᠠᠶᠠᠭ᠎ᠠ ᠰᠢᠷᠡᠭᠡ ᠬᠤᠮᠢᠵᠣ ᠬᠤᠷᠢᠶ᠋ᠬᠠᠦ ᠳᠠᠭᠤᠨ ᠫᠠᠷᠴᠢᠬᠢᠨᠠᠨ ᠳᠣᠭᠤᠯᠳᠠᠵᠣ ᠪᠠᠶᠢᠬᠤ ᠪᠠᠷ | ᠪᠣᠳᠣᠬᠤ ᠳᠤ ᠬᠦᠭᠰᠢᠨ ᠡᠵᠢ ᠬᠠᠭᠤᠴᠢᠨ ᠵᠣᠷᠰᠢᠯ ᠢᠶᠠᠷ ᠵᠣᠴᠢᠳ ᠤᠨ ᠬᠤᠶᠢᠨ᠎ᠠ ᠠᠴᠠ ᠠᠶᠠᠭ᠎ᠠ ᠰᠠᠪᠬ᠎ᠠ ᠣᠬᠢᠶᠠᠬᠤ | ᠭᠡᠵᠣ ᠪᠣᠵᠢᠬᠢᠨᠠᠵᠣ ᠪᠠᠶᠢᠭ᠎ᠠ ᠨᠢ ᠢᠯᠡᠭᠡᠨ᠃ ᠬᠠᠷᠢᠨ ᠭᠡᠰᠡᠭ ᠣᠳᠠᠭᠠᠳ ᠭᠡᠷ ᠲᠤ ᠪᠥᠭᠡᠮ ᠦᠢᠮᠠᠭᠡᠨ ᠭᠠᠷᠴᠠᠢ᠃ | — — ᠪᠣᠶᠠᠨ ᠨᠢ ᠴᠠᠯᠢᠵᠣ ᠪᠣᠬᠠᠨ ᠬᠦᠵᠦᠬᠦᠨ ᠳᠤ ᠳᠣᠭᠯᠠᠵᠣ ᠪᠠᠶᠢᠭ᠎ᠠ ᠬᠦᠭᠰᠢᠨ ᠵᠦᠨᠦᠭ ᠢ ᠬᠠᠷ᠎ᠠ | ᠯᠠ ᠳ᠋ᠠ᠃ ᠵᠣᠴᠢᠨ ᠳᠠᠶᠢᠯᠬᠠᠦ ᠭᠡᠵᠣ ᠳᠦᠡᠭᠭᠡᠵᠦ ᠬᠠᠭᠠᠷᠢᠭᠰᠠᠨ ᠠᠷᠪᠠᠭᠠᠳ ᠳᠠᠬᠢᠶᠠᠨ ᠦᠨᠳᠡᠭᠡ ᠶᠢ ᠰᠢᠭᠤᠳ | ᠠᠪᠠᠴᠢᠭᠠᠳ ᠦᠨᠦ ᠨᠣᠬᠠᠢ ᠡᠪᠦᠭᠡ ᠪᠠᠨ ᠳᠡᠵᠢᠭᠡᠴᠢᠭᠡᠨᠠ ᠭᠡᠳᠡᠭ ᠴᠢᠨᠢ ᠦᠨᠠᠨ ᠵᠦᠨᠦᠮᠠᠯ ᠤᠨ ᠳᠦᠯ ᠡ︕ | ᠫᠢᠯᠠ ᠨᠣᠭᠤᠭ᠎ᠠ ᠶᠢᠨ ᠳᠤᠭ᠎ᠠ ᠨᠢ ᠬᠦᠢᠴᠠᠬᠦ ᠪᠠᠨ ᠪᠣᠯᠵᠣ ᠪᠠᠯᠢᠳᠠᠬᠤ ᠳᠤ ᠪᠠᠨ ᠦᠨᠦ ᠭᠠᠨᠭ᠌ ᠳᠤ ᠳᠠᠷᠣᠭᠰᠠᠨ | ᠳᠠᠪᠣᠰᠣᠯᠠᠭᠰᠠᠨ ᠨᠣᠭᠤᠭ᠎ᠠ ᠪᠠᠷ ᠢᠶᠠᠨ ᠠᠷᠭᠠᠴᠠᠭᠠᠵᠣ ᠭᠠᠷᠣᠯ᠎ᠠ ᠰᠢᠳᠠ᠃ ᠶᠤᠰᠤᠲᠠᠢ ᠬᠦᠮᠦᠨ ᠢ ᠠᠭᠤᠷᠯᠠᠭᠤᠯᠵᠣ | ᠠᠯᠠᠨ᠎ᠠ ᠡ︕ | ᠡᠵᠡᠭᠳᠡᠢ ᠶᠢᠨ ᠭᠠᠰᠠᠩ ᠳᠠᠭᠤᠨ ᠳᠣᠳᠣᠬᠠᠨ ᠰᠣᠨᠣᠰᠳᠠᠨ᠎ᠠ᠃ | — — ᠠᠢ᠂ ᠠᠩᠭ᠎ᠠ ᠡ᠂ ᠪᠢ ᠳᠡᠬᠦᠨ ᠢ ᠴᠢᠨᠢ ᠭᠠᠭ᠋ᠠᠢ ᠶᠢᠨ ᠬᠤᠭᠤᠯᠠᠨ ᠤ ᠭᠠᠨᠭ᠌ ᠳᠡᠭᠡᠷ᠎ᠠ ᠳᠠᠯᠪᠢᠵᠣ | ᠪᠠᠶᠢᠭ᠎ᠠ ᠪᠣᠯᠬᠤᠷ ᠭᠠᠰᠢᠯᠤᠭᠰᠠᠨ ᠨᠣᠭᠤᠭ᠎ᠠ ᠭᠡᠵᠣ ᠡ ᠠᠳᠡᠬᠦᠷᠡᠭᠡᠳ ᠨᠣᠬᠠᠢ ᠳᠤ ᠦᠭᠴᠢᠭᠡᠵᠠᠢ ᠭᠡᠬᠦ ᠨᠠᠰᠣᠳᠠᠨ ᠤ | ᠳᠠᠭᠤᠨ ᠬᠤᠯᠠ ᠴᠠᠭᠠᠨ᠎ᠠ ᠠᠴᠠ ᠳᠣᠷᠣᠢ ᠰᠣᠨᠣᠰᠳᠠᠨ᠎ᠠ᠃ | — — ᠬᠦᠭᠰᠢᠨ ᠵᠦᠨᠦᠭ ᠴᠢ ᠦᠨᠦ ᠭᠡᠮᠵᠢᠶ᠎ᠠ ᠦᠭᠡᠢ ᠰᠢᠳᠦᠳᠡᠭ ᠪᠠᠭ᠎ᠠ ᠬᠦᠦ ᠶᠢᠨ ᠳᠤ ᠪᠠᠨ ᠰᠡᠮᠡᠭᠡᠷᠭᠡᠨ | ᠰᠠᠭᠤᠬᠤ ᠦᠭᠡᠢ ᠪᠠᠰᠠ ᠶᠠᠭᠤᠨ ᠳᠤ ᠨᠠᠭᠠᠰᠢ ᠬᠦᠶᠦᠭᠡᠳ ᠮᠠᠨᠣᠰ ᠤᠨ ᠠᠮᠢᠳᠣᠷᠠᠯ ᠳᠤ ᠬᠤᠯᠢᠳᠠᠰᠣ ᠣᠷᠣᠵᠣ | ᠪᠠᠶᠢᠭ᠎ᠠ ᠶᠢ ᠪᠢ ᠦᠨᠡᠨ ᠤᠶᠢᠯᠭᠠᠬᠤ ᠦᠭᠡᠢ᠃ ᠠᠮᠠ ᠪᠠᠨ ᠠᠩᠭᠠᠶᠢᠪᠠᠯ ᠪᠠᠭ᠎ᠠ ᠬᠦᠦ ᠪᠠᠯᠳᠠᠨ ᠨᠢ ᠰᠠᠶᠢᠨ᠂ | ᠪᠠᠭᠤᠯᠭᠠᠵᠣ ᠠᠪᠣᠭᠰᠠᠨ ᠪᠠᠷᠢ ᠨᠢ ᠴᠦ ᠰᠠᠶᠢᠨ ᠭᠡᠵᠣ ᠮᠠᠭᠳᠠᠳᠠᠭ ᠰᠢᠳᠠ᠂ ᠣᠳᠣ ᠳᠠᠨᠳᠠ ᠪᠠᠨ ᠣᠴᠢᠬᠤ ᠦᠭᠡᠢ ᠤᠤ | ︖ ︽ᠨᠠᠰᠣᠳᠠᠶᠢᠴᠣᠳ ᠤᠨ ᠨᠦᠬᠦᠪᠣᠷᠢ ᠮᠦᠡᠭᠭᠦᠨ︾ ᠤ ᠺᠠᠷᠲ ᠠᠴᠠ ᠡᠬᠢᠯᠡᠭᠡᠳ ᠨᠠᠢᠮᠠ ᠶᠢᠰᠣᠨ ᠮᠦ | ᠭᠠᠵᠠᠷ ᠲᠤ ᠪᠠᠨ ᠬᠦᠷᠳᠡᠯ᠎ᠠ ᠪᠠᠭ᠎ᠠ ᠬᠥᠦ ᠪᠠᠷᠢ ᠳᠤ ᠪᠠᠨ ᠡᠷᠬᠦᠴᠢᠭᠡᠭᠡᠳ ᠪᠠᠰᠠ ᠶᠠᠮᠠᠷ ᠨᠢᠭᠤᠷ ᠢᠶᠠᠷ ᠠᠳᠠ | ᠬᠤᠷᠭᠤᠳᠠᠵᠤ ᠪᠠᠶᠢᠬᠤ ᠪᠣᠢ︖ ᠦᠡᠭᠬᠦᠷᠢᠳᠣ᠂ ᠬᠠᠮᠢᠭ᠎ᠠ ᠠᠴᠠ ᠢᠷᠡᠭᠰᠡᠨ ᠪᠣᠯ ᠳᠠᠨᠳᠠ ᠪᠠᠨ ᠦᠡᠭᠬᠦᠷᠢᠳᠣ ᠁ | | ᠬᠡᠰᠡᠭ ᠣᠳᠠᠭᠠᠳ ᠡᠭᠦᠳᠡ ᠵᠢᠵᠢᠬᠢᠨᠡᠨ ᠨᠡᠭᠡᠭᠡᠭᠳᠡᠵᠣ ᠨᠠᠰᠣᠳᠠᠨ ᠪᠣᠯᠠᠩᠬᠢᠷᠳᠣᠵᠣ ᠣᠨᠢᠭᠠᠷᠳᠠᠭᠰᠠᠨ ᠨᠢᠳᠣ ᠪᠠᠨ | ᠠᠶᠠᠭ᠎ᠠ ᠣᠬᠢᠶᠠᠭᠠᠳ ᠠᠷᠴᠢᠵᠣ ᠠᠮᠵᠢᠭᠠᠳᠣᠢ ᠨᠤᠶᠢᠳᠠᠨ ᠭᠠᠷ ᠢᠶᠠᠷ ᠢᠶᠠᠨ ᠪᠠᠶᠢᠨ ᠳᠠᠬᠢᠨ ᠠᠷᠴᠢᠭᠰᠠᠭᠠᠷ᠄ ︽ᠠᠢ᠂ | ᠬᠦᠭᠰᠢᠨ ᠪᠢ ᠬᠦᠳᠡᠯᠬᠦ ᠳᠡᠩᠭᠡᠭᠡ ᠲᠠᠢ ᠪᠣᠯ ᠭᠡᠦᠭᠡᠳ ᠲᠤ ᠪᠠᠨ ᠳᠣᠰᠠ ᠪᠣᠯᠣᠶ᠎ᠠ ᠭᠡᠵᠣ ᠵᠢᠳᠬᠦᠵᠣ ᠴᠢᠷᠮᠠᠢᠳᠠᠭ ᠨᠢ | ᠬᠠᠷᠢᠨ ᠪᠣᠷᠣᠭᠤ ᠪᠠᠶᠢᠵᠠᠢ ᠡ︕ ᠵᠦᠨᠦᠭ ᠪᠢ ᠳᠡᠭᠡᠷ᠎ᠠ ᠳᠦᠷᠦᠯ ᠳᠤ ᠪᠠᠨ ᠶᠠᠮᠠᠷ ᠶᠠᠯ᠎ᠠ ᠨᠢᠬᠦᠯ ᠬᠢᠭᠰᠡᠨ | ᠰᠦᠨᠠᠰᠣ ᠶᠢ ᠪᠣᠣ ᠮᠠᠳᠠ᠂ ᠵᠠᠯᠠᠭᠤ ᠪᠠᠶᠢᠬᠤ ᠳᠤ ᠬᠠᠳᠠᠮ ᠡᠵᠢ ᠶᠢᠨ ᠬᠠᠯᠠ ᠦᠢᠯᠠ ᠶᠢ ᠬᠠᠰᠢᠷᠠᠳᠠᠯ᠎ᠠ ᠠᠮᠰᠠᠵᠣ᠂ | ᠦᠳᠡᠯᠬᠦ ᠶᠢᠨ ᠦᠵᠦᠬᠦᠷ ᠲᠤ ᠬᠦᠦ ᠪᠠᠷᠢ ᠶᠢᠨ ᠭᠡᠴᠡᠬᠦᠦ ᠶᠢ ᠢᠡᠭᠬᠢᠳᠠᠯᠠ ᠦᠵᠠᠬᠦ ᠭᠡᠭᠴᠢ ᠁ ᠭᠡᠵᠣ | ᠳᠦᠳᠦᠨᠡᠭᠰᠡᠭᠡᠷ ᠮᠠᠶᠢᠵᠢᠬᠢ ᠬᠦᠯ ᠢᠶᠠᠨ ᠳᠦᠡᠭᠭᠡᠵᠦ ᠴᠢᠷᠦᠭᠰᠡᠭᠡᠷ ᠰᠢᠷ᠎ᠠ ᠪᠦᠷᠣᠢ ᠶᠢᠨ ᠳᠣᠮᠳᠠᠭᠤᠷ ᠴᠢᠨᠠᠭᠰᠢ | ᠪᠦᠷᠳᠣᠯᠵᠠᠨ ᠬᠤᠯᠠᠳᠠᠪᠠ᠃ | ᠬᠠᠯᠳᠠᠷ ᠭᠡᠪᠳᠡᠭᠰᠡᠨ ᠣᠷᠣᠨ ᠠᠴᠠ ᠪᠠᠨ ᠦᠰᠦᠷᠣᠨ ᠪᠣᠰᠴᠣ ᠨᠠᠰᠣᠳᠠᠨ ᠢ ᠬᠤᠷᠢᠭᠠᠵᠣ ᠠᠪᠬᠤ ᠭᠡᠵᠣ ᠭᠡᠳᠣ | ᠣᠳᠠᠭ᠎ᠠ ᠡᠮᠦᠨᠠᠰᠢ ᠱᠤᠩᠭᠤᠯᠠᠭᠰᠠᠨ ᠴᠦ ᠬᠦᠵᠦᠬᠦᠨ ᠳᠤ ᠬᠢ ᠳᠠᠮᠣᠷ ᠬᠢᠨᠵᠢ ᠠᠴᠠ ᠪᠠᠨ ᠮᠣᠯᠳᠣᠷᠠᠵᠣ ᠲᠡᠶᠢᠯᠦᠭ᠌ᠰᠠᠨ | ᠦᠭᠡᠢ᠃ ᠠᠷᠭ᠎ᠠ ᠪᠣᠰᠣ ᠪᠠᠶᠢᠳᠠᠭ ᠬᠦᠰᠠᠯ ᠢᠶᠠᠨ ᠮᠦᠡᠭᠬᠦᠨ ᠴᠠᠭᠠᠨ ᠦᠡᠭᠭᠡᠳᠡᠢ ᠡᠬᠦᠳᠠᠨ ᠳᠤ ᠳᠠᠯᠪᠢᠵᠣ ᠭᠤᠨᠢᠭᠳᠠᠢ | ᠰᠢᠷᠳᠠᠨ᠎ᠠ᠃ ᠭᠡᠪᠡᠴᠣ ᠡᠬᠦᠳᠠ ᠨᠡᠭᠡᠭᠡᠭᠳᠡᠵᠣ ᠬᠤᠶᠢᠨ᠎ᠠ ᠠᠴᠠ ᠨᠢ ᠭᠠᠷᠴᠣ ᠢᠷᠡᠭᠰᠡᠨ ᠬᠦᠮᠦᠨ ᠪᠠᠶᠢᠭ᠎ᠠ ᠦᠭᠡᠢ᠃ | ᠨᠡᠯᠢᠶᠡᠳ ᠤᠳᠠᠭᠠᠳ ᠡᠬᠦᠳᠠ ᠨᠡᠭᠡᠭᠡᠭᠳᠡᠭᠰᠡᠨ ᠴᠦ ᠳᠣᠮᠣ ᠰᠢᠯ ᠴᠣᠮᠣ ᠪᠠᠷᠢᠭᠰᠠᠨ ᠡᠵᠡᠭᠳᠡᠢ ᠭᠠᠷᠴᠣ ᠢᠷᠡᠭᠡᠳ | ᠴᠠᠢ ᠶᠢᠨ ᠰᠢᠭᠠᠷᠠᠤ ᠪᠠᠨ ᠬᠦᠴᠦᠳᠠᠢ ᠰᠠᠵᠢᠵᠣ ᠣᠷᠬᠢᠭᠠᠳ᠄ ︽ᠳᠦᠢ᠂ ᠬᠦᠭᠰᠢᠨ ᠵᠦᠨᠦᠭ ᠡᠷᠬᠢᠯᠳᠠ ᠦᠭᠡᠢ | ᠵᠠᠶᠢᠯᠠ︾ ᠭᠡᠵᠣ ᠬᠠᠨᠭ᠍ᠬᠢᠨᠠᠭᠤᠯᠤᠨ ᠬᠠᠷᠢᠶᠠᠭᠠᠳ ᠳᠠᠷᠭᠤᠨ ᠰᠠᠬᠦᠵᠢ ᠪᠠᠨ ᠮᠣᠰᠬᠢᠴᠠᠨ ︽ᠳᠠᠭ︾ ᠬᠢᠲᠡᠯ᠎ᠡ ᠡᠬᠦᠳᠠ | ᠰᠠᠪᠠᠨ ᠣᠷᠣᠵᠣ ᠶᠠᠪᠣᠭᠰᠠᠨ ᠨᠢ ᠬᠠᠯᠳᠠᠷ ᠤᠨ ᠬᠦᠰᠡᠯ ᠭᠤᠷᠢᠳᠠᠯ ᠢ ᠪᠦᠷᠢᠮᠣᠰᠣᠨ ᠰᠠᠷᠨᠢᠭᠤᠯᠵᠣ ᠣᠷᠬᠢᠵᠠᠢ᠃ | ᠣᠳᠠᠯ ᠦᠭᠡᠢ ᠭᠡᠷ ᠳᠣᠳᠣᠷ᠎ᠠ ᠬᠦᠡᠭᠬᠦᠷ ᠭᠠᠨᠭ᠍ᠭᠠᠷ ᠭᠡᠯᠡᠯᠴᠡᠵᠣ ᠪᠠᠶᠢᠬᠤ ᠪᠠᠷ ᠨᠢ ᠦᠵᠠᠬᠦ ᠳᠤ ᠣᠨᠳᠠᠭᠰᠠᠨ ᠢᠶᠠᠷ | ᠣᠪᠯᠠᠵᠣ ᠭᠡᠪᠳᠡᠭᠰᠡᠨ ᠭᠡᠷ ᠤᠨ ᠡᠵᠡᠨ ᠪᠣᠰᠣᠭᠠᠳ ᠭᠠᠷᠴᠣ ᠢᠷᠡᠭᠰᠡᠨ ᠪᠤᠯᠤᠯᠲᠠᠢ᠃ | — — ᠦᠭᠡᠢ᠂ ᠴᠢ ᠶᠡᠷᠦ ᠨᠢ ᠬᠦᠭᠡᠭᠡᠵᠣ ᠶᠠᠪᠣᠭᠤᠯᠪᠡᠯ ᠶᠠᠪᠣᠭᠤᠯᠣᠯ᠎ᠠ ᠰᠢᠳᠠ᠂ ᠵᠦᠨᠦᠭ ᠭᠡᠳᠡᠯ᠎ᠠ | ᠮᠦᠨᠦᠭ ᠭᠡᠳ ᠬᠠᠷᠢᠶᠠᠭᠠᠳ ᠪᠠᠶᠢᠳᠠᠭ ᠨᠢ ᠶᠠᠭᠤ ᠪᠣᠢ︖ | — — ᠳᠡᠭᠡᠬᠦ ᠦᠭᠡᠢ ᠪᠣᠯ ᠳᠠᠷᠠ ᠬᠦᠭᠰᠢᠨ ᠰᠢᠮᠨᠤ ᠶᠢ ᠵᠠᠯᠠᠵᠣ ᠶᠠᠪᠣᠭᠤᠯᠵᠣ ᠲᠡᠶᠢᠯᠦᠨ᠎ᠡ ᠤᠤ︖ | ᠪᠣᠯᠵᠠᠢ ᠪᠣᠯᠵᠠᠢ᠂ ᠡᠬᠦᠨ ᠢ ᠶᠠᠷᠢᠬᠤ ᠦᠭᠡᠢ ᠯᠠᠢ᠃ ᠣᠳᠣ ᠨᠢᠭᠡᠨᠳᠠ ᠦᠳᠡᠰᠢ ᠶᠢᠨ ᠳᠣᠯᠣᠭᠠᠨ ᠴᠠᠭ | ᠤᠶᠢᠷᠠᠳᠣᠭᠰᠠᠨ᠂ ᠬᠤᠷᠳᠣᠨ ᠰᠣᠷᠭᠠᠭᠤᠯᠢ ᠳᠡᠭᠡᠷ᠎ᠠ ᠣᠴᠢᠬᠤ ᠦᠭᠡᠢ ᠤᠤ︖ | — — ᠪᠢᠳᠡᠭᠡᠢ ᠰᠣᠷᠭᠠᠭᠤᠯᠢ ᠰᠣᠷᠭᠠᠭᠤᠯᠢ ᠭᠡᠳ ᠯᠠ ᠪᠠᠢ᠂ ᠲᠡᠷᠡ ᠴᠢᠨᠢ ᠣᠳᠣ ᠰᠣᠷᠭᠠᠭᠤᠯᠢ ᠪᠢᠰᠢ᠂ | ᠬᠠᠷᠢᠨ ᠰᠢᠷ᠎ᠠ ᠠᠬ᠎ᠠ ᠶᠢᠨ ᠬᠤᠳᠠᠯᠳᠣᠵᠣ ᠠᠪᠣᠭᠰᠠᠨ ᠮᠦᠷᠦᠢ ᠲᠠᠢ ᠮᠠᠵᠢᠶᠠᠩ ᠤᠨ ᠳᠠᠯᠠᠪᠠᠢ ᠪᠤᠯᠤᠭᠰᠠᠨ᠃ ᠮᠡᠳᠡᠪᠡ | ᠤᠤ︖ | — — ᠣᠣ᠂ ᠲᠡᠶᠢᠮᠦ᠃ ᠶᠡᠷᠦ ᠨᠢ ᠣᠷᠢᠳᠣ ᠳᠤ ᠪᠠᠨ ᠰᠣᠷᠭᠠᠭᠤᠯᠢ ᠪᠠᠶᠢᠭᠰᠠᠨ ᠶᠣᠮ ᠴᠢᠨᠢ ᠳᠡᠭᠡᠵᠣ | ᠳᠠᠭᠤᠳᠠᠭᠠᠳ ᠳᠠᠳᠴᠢᠬᠠᠵᠠᠢ᠃ ᠶᠠᠭᠤ ᠴᠦ ᠭᠡᠰᠡᠨ ᠬᠤᠷᠳᠣᠨ ᠮᠠᠶ᠋ᠢᠭᠯᠠ ᠳ᠋ᠠ᠃ ᠠᠩᠬ᠎ᠠ ᠡᠬᠢᠯᠠᠵᠣ ︽ᠠᠯᠪᠠᠯᠠᠬᠤ︾ | ᠭᠡᠵᠣ ᠪᠠᠶᠢᠭᠠᠳ ᠬᠤᠵᠢᠭᠳᠠᠵᠣ ᠣᠴᠢᠪᠠᠯ ᠭᠡᠳᠣᠢ ᠮᠠᠭᠤᠬᠠᠢ ᠪᠣᠢ︖ | ᠡᠬᠦᠳᠠ ᠤᠡᠭᠭᠤᠶᠢᠨ ᠠᠯᠪᠠᠨ ᠤ ᠨᠣᠶᠠᠨ ᠬᠡᠮᠡᠷ ᠬᠤᠪᠴᠠᠯᠠᠭᠰᠠᠨ ᠭᠡᠷ ᠤᠨ ᠡᠵᠡᠨ ᠭᠠᠷᠴᠣ ᠢᠷᠡᠭᠡᠳ | ᠮᠣᠲ᠋ᠣᠷ ᠢᠶᠠᠨ ᠭᠠᠯᠯᠠᠨ ᠨᠣᠴᠣᠭᠠᠭᠠᠳ ᠠᠶᠢᠯ ᠵᠦᠭ ᠳᠠᠪᠬᠢᠭᠤᠯᠵᠣ ᠶᠠᠪᠣᠵᠠᠢ᠃ | ᠰᠦᠨᠢ ᠬᠠᠭᠠᠰ ᠦᠢᠷᠠᠳᠴᠠᠢ᠃ | ᠬᠠᠯᠳᠠᠷ ᠤᠨ ᠭᠡᠳᠡᠰᠣ ᠪᠠᠰᠠ ᠯᠠ ᠭᠤᠷᠴᠢᠬᠢᠨᠠᠵᠣ ᠡᠬᠢᠯᠠᠪᠠ᠃ ᠰᠠᠶ᠋ᠢ ᠶᠢᠨ ᠵᠢᠭᠠᠬᠠᠨ ᠣᠯᠵᠣ ᠢᠳᠡᠭᠰᠡᠨ | ᠬᠠᠭᠠᠷᠢᠭᠰᠠᠨ ᠳᠠᠬᠢᠶᠠᠨ ᠦᠨᠳᠡᠭᠡ᠂ ᠳᠠᠬᠦᠨ ᠤ ᠦᠯᠦᠨ ᠭᠡᠳᠡᠰᠣ ᠶᠢᠨ ᠦᠨᠴᠦᠭ ᠢ ᠴᠦ ᠳᠦᠬᠦᠷᠭᠡᠵᠣ ᠳᠠᠢᠯᠦᠭᠰᠡᠨ | ᠦᠭᠡᠢ ᠨᠢ ᠮᠠᠳᠡᠭᠡᠵᠢ᠃ | ᠶᠠᠭᠠᠬᠢᠳᠠᠭ ᠪᠢᠯᠠ︖ | ᠴᠣᠩᠬᠤᠨ ᠠᠴᠠ ᠲᠧᠯᠸᠢᠰ ᠤᠨ ᠴᠡᠭᠡᠨ ᠭᠡᠷᠡᠯ ᠬᠠᠷᠪᠣᠵᠣ ᠪᠠᠶᠢᠬᠤ ᠪᠠᠷ ᠨᠢ ᠦᠵᠡᠬᠦ ᠳᠤ ᠡᠵᠡᠭᠳᠡᠢ ᠠᠷᠠᠢ | ᠣᠨᠳᠠᠭᠠ ᠦᠭᠡᠢ ᠪᠣᠯᠣᠯᠳᠠᠢ᠃ ᠳᠠᠷᠠ ᠬᠦᠵᠦᠬᠦᠨ ᠳᠤ ᠬᠢ ᠬᠢᠨᠵᠢ ᠪᠠᠨ ᠬᠦᠴᠦᠳᠠᠢ ᠰᠠᠵᠢᠯᠠᠨ ᠬᠠᠷᠴᠢᠬᠢᠨᠠᠭᠤᠯᠵᠣ | ᠳᠣᠭᠤᠰᠬᠠᠨ ᠱᠠᠯᠠ ᠶᠢ ᠡᠮᠦᠨ᠎ᠠ ᠬᠤᠶᠠᠷ ᠬᠠ ᠪᠠᠷ ᠢᠶᠠᠨ ᠮᠠᠯᠳᠠᠨ ᠭᠠᠰᠠᠯᠵᠤ ᠡᠬᠢᠯᠠᠳᠠᠯᠠ᠂ ᠮᠤᠲᠷ ᠢᠯᠠᠬᠦᠦ | ᠳᠣᠭᠤᠰᠬᠠᠨ ᠭᠡᠷᠡᠮ ᠳᠡᠭᠡᠬᠦᠷ ᠨᠢᠭᠡᠨ ᠪᠠᠷᠠᠭᠠᠨ ᠰᠠᠬᠦᠳᠠᠷ ᠨᠡᠳᠦᠰᠬᠢᠨ ᠪᠠᠭᠤᠵᠣ ᠢᠷᠡᠪᠡ᠃ ᠰᠠᠷᠠᠨ ᠤ ᠴᠡᠭᠡᠠ ᠭᠡᠷᠡᠯ | ᠬᠢᠭᠡᠳ ᠬᠠᠷᠠᠩᠭᠤᠢ ᠳᠤ ᠨᠠᠪᠳᠠ ᠬᠠᠷᠠᠳᠠᠭ ᠬᠠᠯᠳᠠᠷ ᠤᠨ ᠬᠤᠷᠴᠠ ᠨᠢᠳᠣᠨ ᠳᠤ ᠰᠢᠷ᠎ᠠ ᠭᠡᠵᠢᠭᠡ ᠲᠠᠢ ᠳᠣᠯᠣᠭᠠᠢ | ᠰᠡᠭᠰᠡᠯᠵᠠᠨ ᠬᠠᠷᠠᠭᠳᠠᠪᠠ᠃ | ᠦᠨᠦᠳᠣᠷ ᠤᠨ ᠢᠷᠡᠭᠰᠡᠨ ᠦᠨᠦ ᠰᠢᠷ᠎ᠠ ᠭᠡᠵᠢᠭᠡᠳᠣ ᠵᠣᠴᠢᠨ ᠪᠠᠶᠢᠵᠠᠢ᠃ | ᠵᠣᠴᠢᠨ ᠴᠦ ᠪᠣᠯᠤᠭ᠂ ᠵᠤᠯᠪᠢᠡᠭ ᠴᠦ ᠪᠣᠯᠤᠭ᠂ ᠡᠵᠡᠨ ᠳᠤ ᠪᠠᠨ ᠴᠢᠮᠡᠭᠡ ᠳᠠᠮᠵᠢᠭᠤᠯᠬᠤ ᠨᠢ ᠮᠢᠨᠣ ᠴᠤᠷ ᠤᠨ | ᠭᠠᠭᠴᠠ ᠡᠬᠦᠷᠭᠡ ᠭᠡᠰᠡᠨ ᠭᠡᠮᠡᠷ ᠬᠠᠯᠳᠠᠷ ᠨᠠᠶᠢᠷ ᠦᠭᠡᠢ ᠠᠭᠰᠣᠮᠨᠠᠵᠣ ᠬᠤᠴᠠᠵᠣ ᠭᠠᠷᠴᠠᠢ᠃ | ᠦᠨᠦ ᠰᠢᠷ᠎ᠠ ᠭᠡᠵᠢᠭᠡᠳᠣ ᠬᠡᠳᠦ᠋ᠢᠨ ᠪᠡᠯᠡᠳᠭᠡᠭᠰᠡᠨ ᠭᠡᠮᠡᠷ ᠬᠠᠮᠢᠭ᠎ᠠ ᠨᠢᠭᠡᠨ ᠭᠠᠵᠠᠷ ᠠᠴᠠ ᠪᠠᠨ ᠰᠦᠨ ᠡᠭᠡᠳᠡᠩ | ᠬᠠᠪᠴᠢᠭᠤᠯᠣᠭᠰᠡᠨ ᠪᠣᠭᠤᠷᠰᠤᠭ ᠢ ᠳᠠᠬᠦᠨ ᠤ ᠵᠦᠭ ᠰᠢᠳᠠᠨ ᠦᠭᠬᠦᠭᠡᠳ᠄ ︽ᠭᠠᠷ᠂ ᠪᠠᠶᠢᠭ᠂ ᠣᠶᠣ ᠣᠶᠣ︾ | ᠭᠡᠵᠣ ᠬᠦᠰᠢᠬᠦᠨ ᠭᠡᠯᠡ ᠪᠠᠷ ᠬᠦᠡᠭᠭᠡᠨ ᠳᠣᠣᠭᠠᠷᠴᠠᠢ᠃ | ᠰᠠᠶᠢᠬᠠᠨ ᠦᠯᠦᠨ ᠭᠡᠳᠡᠰᠣ ᠪᠠᠨ ᠬᠤᠷᠴᠢᠬᠢᠭᠤᠯᠣᠨ ᠠᠷᠭ᠎ᠠ ᠠᠭᠠᠰᠢ ᠠᠯᠳᠠᠷᠠᠵᠤ ᠪᠠᠶᠢᠭᠰᠠᠨ ᠬᠠᠯᠳᠠᠷ ᠠᠮᠳᠠᠳᠣ | ᠦᠨᠦᠷ ᠬᠠᠨᠭ᠍ᠬᠤᠯᠤᠭᠰᠠᠨ ᠪᠣᠭᠤᠷᠰᠤᠭ ᠣᠯᠵᠣ ᠡᠮᠬᠦᠭᠡᠳ ᠰᠢᠷ᠎ᠠ ᠭᠡᠵᠢᠭᠡᠳᠣ ᠶᠢ ᠳᠡᠬᠢᠵᠣ ᠬᠠᠮᠢᠶᠠᠷᠬᠤ ᠪᠠᠨ ᠪᠣᠯᠢᠵᠣ | ᠬᠢᠨᠵᠢ ᠳᠠᠷᠴᠢᠬᠢᠨᠠᠭᠤᠯᠣᠨ ᠣᠭ ᠣᠷᠣᠨ ᠳᠤ ᠪᠠᠨ ᠪᠣᠴᠠᠵᠠᠢ᠃ | ᠳᠠᠬᠦᠨ ᠢ ᠠᠮᠳᠠᠳᠣ ᠪᠣᠭᠤᠷᠰᠤᠭ ᠢᠶᠠᠨ ᠪᠦᠬᠦᠨ ᠢ ᠢᠳᠡᠵᠣ ᠪᠠᠷᠠᠭᠠᠳ ᠨᠠᠭᠠᠰᠢᠯᠠᠬᠤ ᠳᠤ ᠭᠡᠷ ᠳᠣᠳᠣᠷᠠᠬᠢ | ᠲᠧᠯᠸᠢᠰ ᠪᠠ ᠳ᠋ᠸᠡᠭ ᠪᠦᠷ ᠤᠡᠲᠠᠷᠠᠵᠤ ᠣᠷᠴᠢᠨ ᠳᠣᠭᠤᠷᠢᠨ ᠨᠠᠮ ᠵᠢᠮ ᠪᠣᠯᠴᠢᠬᠠᠭᠰᠠᠨ ᠪᠠᠶᠢᠪᠠ᠃ ᠬᠠᠯᠳᠠᠷ ᠬᠤᠷᠴᠠ | ᠣᠯᠠᠭᠠᠨ ᠭᠡᠯᠡ ᠪᠠᠷ ᠢᠶᠠᠨ ᠬᠠᠷ᠎ᠠ ᠬᠤᠰᠢᠭᠤ ᠪᠠᠨ ᠰᠣᠷᠮᠠᠭᠠᠢ ᠭᠡᠭᠴᠢ ᠳᠣᠯᠢᠶᠠᠵᠣ ᠠᠪᠬᠤ ᠳᠤ ᠦᠨᠦ ᠰᠦᠨ | ᠡᠭᠡᠳᠡᠩ ᠤᠨ ᠭᠤᠶᠢᠳᠠ ᠠᠮᠳᠠ ᠳᠠᠬᠢᠨ ᠠᠮᠳᠠᠯᠠᠭᠳᠠᠬᠤ ᠰᠢᠣᠬᠠᠨ ᠪᠣᠯᠬᠤ ᠪᠠᠷ ᠳᠡᠰᠭᠡᠯ ᠦᠭᠡᠢ ᠡᠮᠦᠨ᠎ᠠ ᠬᠤᠶᠠᠷ | ᠬᠠ ᠪᠠᠷ ᠢᠶᠠᠨ ᠴᠣᠩᠬᠤᠨ ᠲᠠᠶᠢᠵᠠ ᠶᠢ ᠳᠦᠰᠢᠵᠣ ᠬᠠᠷ᠎ᠠ ᠬᠤᠰᠢᠭᠤ ᠪᠠᠨ ᠴᠣᠩᠬᠤᠨ ᠵᠠᠪᠰᠠᠷ ᠢᠶᠠᠷ ᠦᠢᠷᠠᠳᠣᠭᠤᠯᠵᠠᠢ | ᠃ | ᠭᠡᠷ ᠳᠣᠳᠣᠷ᠎ᠠ ᠠᠴᠠ ᠦᠨᠦᠷᠳᠣ ᠣᠰᠣ ᠪᠣᠯᠣᠨ ᠭᠡᠵᠢᠭᠡ ᠤᠬᠢᠶᠠᠬᠤ ᠰᠢᠩᠭᠡᠨ ᠤ ᠰᠣᠳᠣᠨ ᠰᠠᠶᠢᠬᠠᠨ ᠦᠨᠦᠷ | ᠦᠨᠦᠷᠳᠦᠭᠳᠡᠵᠣ ᠪᠠᠶᠢᠪᠠ᠃ ᠬᠠᠶᠠ ᠬᠠᠶᠠ ᠰᠢᠷ᠎ᠠ ᠭᠡᠵᠢᠭᠡᠳᠣ ᠶᠢᠨ ᠬᠠᠭᠤᠷᠮᠠᠭ ᠢᠨᠢᠶᠠᠳᠣ ᠪᠣᠯᠣᠨ ᠡᠵᠡᠭᠳᠡᠢ ᠶᠢᠨ | ᠡᠷᠬᠡᠯᠡᠩᠬᠦᠢ ᠣᠶᠠᠬᠠᠨ ᠳᠠᠭᠤᠨ ᠰᠣᠨᠣᠰᠳᠠᠵᠣ ᠪᠠᠶᠢᠭᠰᠠᠨ ᠢᠶᠠᠨ ᠪᠦᠷ ᠰᠠᠬᠦᠯ ᠳᠤ ᠰᠦᠨ ᠡᠭᠡᠳᠡᠩ ᠳᠠᠮᠰᠢᠶᠠᠯᠠᠬᠤ | ᠳᠠᠭᠤᠨ ᠰᠢᠣᠬᠠᠨ ᠠᠨᠢᠷ ᠳᠣᠭᠤᠯᠳᠠᠵᠣ ᠢᠷᠡᠬᠦ ᠪᠠᠷ ᠳᠠᠳᠠ ᠬᠤᠶᠠᠷ ᠬᠠᠷᠠᠩᠭᠤᠢ ᠶᠢᠨ ᠳᠣᠮᠳᠠ ᠠᠮᠳᠠᠳᠦ | ᠪᠣᠭᠤᠷᠰᠤᠭ ᠢᠶᠠᠨ ᠬᠤᠪᠢᠶᠠᠯᠴᠠᠨ ᠢᠳᠡᠵᠣ ᠪᠠᠶᠢᠨ᠎ᠠ ᠭᠡᠵᠣ ᠰᠡᠳᠬᠢᠭᠰᠡᠨ ᠬᠠᠯᠳᠠᠷ ᠤᠨ ᠬᠤᠭᠤᠯᠠᠢ ᠶᠢᠨ ᠬᠤᠷᠣᠬᠠᠢ ᠨᠢ | ᠠᠷᠪᠠᠯᠵᠠᠨ ᠡᠮᠦᠨ᠎ᠠ ᠬᠤᠶᠠᠷ ᠬᠠ ᠪᠠᠷ ᠢᠶᠠᠨ ᠴᠣᠩᠬᠤᠨ ᠰᠢᠯ ᠢ ᠬᠦᠴᠦᠳᠠᠢ ᠭᠡᠭᠴᠢ ᠮᠠᠯᠳᠠᠵᠣ ᠭᠠᠰᠠᠯᠵᠤ ᠡᠬᠢᠯᠠᠪᠠ᠃ | | ᠨᠠᠯᠢᠶᠠᠳ ᠣᠳᠠᠭᠠᠳ ᠰᠦᠨ ᠡᠭᠡᠳᠡᠩ ᠲᠠᠢ ︽ᠪᠣᠭᠤᠷᠰᠤᠭ︾ ᠢᠶᠠᠷ ᠴᠠᠳᠣᠭᠰᠠᠨ ᠰᠢᠷ᠎ᠠ ᠭᠡᠵᠢᠭᠡᠳᠣ ᠡᠬᠦᠳᠠ | ᠵᠡᠪᠰᠠᠷᠯᠠᠨ ᠭᠠᠷᠴᠣ ᠢᠷᠡᠭᠡᠳ ᠰᠢᠷ᠎ᠠ ᠳᠣᠯᠣᠭᠠᠢ ᠪᠠᠨ ᠡᠶᠢᠰᠢ ᠲᠡᠶᠢᠰᠢ ᠭᠡᠰᠡᠭ ᠬᠤᠯᠴᠠᠭᠴᠠᠭᠤᠯᠵᠣ ᠪᠠᠶᠢᠭᠰᠠᠨ ᠢᠶᠠᠨ | ᠮᠦᠨ ᠯᠠ ᠭᠡᠷᠡᠮ ᠳᠠᠪᠠᠵᠣ ᠠᠷᠢᠯᠵᠣ ᠣᠳᠣᠭᠰᠠᠨ ᠢ ᠬᠠᠯᠳᠠᠷ ᠳᠠᠮᠠᠢ ᠶᠠᠭᠤᠮ᠎ᠠ ᠪᠣᠯᠭᠠᠭᠰᠠᠨ ᠦᠭᠡᠢ ᠪᠠᠷ ᠦᠡᠭᠭᠡᠷᠡᠵᠣ | ᠪᠢᠯᠠ᠃ | ᠨᠠᠷᠠ ᠤᠷᠭ᠎ᠠ ᠪᠠᠷᠢᠮ᠎ᠠ ᠳᠡᠭᠡᠷ᠎ᠠ ᠮᠠᠨᠳᠣᠬᠤ ᠪᠠᠷ ᠰᠠᠶ᠋ᠢ ᠭᠡᠷ ᠤᠨ ᠡᠵᠡᠨ ᠮᠣᠲ᠋ᠣᠷ ᠫᠠᠷᠴᠢᠬᠢᠨᠠᠭᠤᠯᠣᠨ ᠬᠠᠷᠢᠵᠣ | ᠢᠷᠡᠭᠡᠳ ᠰᠦᠨᠢ ᠶᠢᠨ ᠣᠯᠵᠠ ᠪᠠᠨ ᠬᠠᠷᠮᠠᠨ ᠤ ᠪᠠᠨ ᠣᠭᠤᠳᠠ ᠶᠢ ᠣᠷᠪᠠᠭᠤᠯᠳᠠᠯᠠ ᠮᠠᠯᠳᠠᠵᠣ ᠭᠠᠷᠭᠠᠭᠠᠳ | ᠡᠭᠡᠨᠡᠷ ᠲᠤ ᠪᠠᠨ ᠭᠠᠢᠬᠠᠭᠤᠯᠣᠨᠠ᠃ | — — ᠶᠠᠭᠠᠬᠢᠵᠣ ᠪᠠᠶᠢᠨ᠎ᠠ︖ ᠬᠠᠶᠢᠷᠠᠲᠦ ︽ᠬᠠᠳᠣᠨ︾ ᠮᠢᠨᠢ᠂ ᠬᠠᠷᠠᠯ᠎ᠠ ᠪᠢᠵᠠ︖ ᠡᠨᠡ ᠪᠣᠯ | ᠦᠴᠦᠭᠡᠳᠣᠷ ᠰᠦᠨᠢ ᠶᠢᠨ ᠣᠯᠵᠠ ᠰᠢᠣ ᠳ᠋ᠠ᠂ ᠮᠢᠩᠭ᠎ᠠ ᠵᠢᠷᠭᠤᠭᠠᠨ ᠵᠠᠭᠤᠨ ᠳᠦᠬᠦᠷᠢᠭ ᠰᠢᠣ᠃ ᠨᠡᠶᠢᠳᠡ ᠨᠠᠢᠮᠠᠨ | ᠰᠢᠷᠡᠭᠡ ᠮᠠᠵᠢᠶᠠᠩ ᠨᠠᠭᠠᠳᠤᠭᠤᠯᠵᠠᠢ᠃ ᠰᠢᠷᠡᠭᠡ ᠪᠦᠷᠢ ᠠᠴᠠ ᠬᠤᠶᠠᠷ ᠵᠠᠭᠤᠨ ᠳᠦᠬᠦᠷᠢᠭ ᠬᠤᠷᠢᠶᠠᠭᠰᠠᠨ᠃ ᠰᠢᠷ᠎ᠠ | ᠠᠬ᠎ᠠ ᠰᠦᠨᠢ ᠪᠦᠷᠢ ᠳᠠᠬᠦᠨ ᠳᠤ ᠳᠠᠪᠣᠨ ᠵᠠᠭᠤᠨ ᠳᠦᠬᠦᠷᠢᠭ ᠳᠣᠰᠢᠶᠠᠪᠠᠯ ᠪᠣᠯᠴᠢᠬᠠᠨ᠎ᠠ ᠭᠡᠵᠣ ᠭᠡᠯᠡᠯᠴᠡᠵᠣ | ᠳᠣᠭᠳᠠᠭᠰᠠᠨ᠃ ᠳᠠᠬᠦᠨ ᠤ ︽ᠭᠠᠶᠢᠯᠢ︾ ᠶᠢ ᠨᠢ ᠳᠣᠰᠢᠶᠠᠭᠠᠳ ᠪᠠᠰᠠ ᠮᠢᠩᠭ᠎ᠠ ᠨᠢᠭᠡ ᠵᠠᠭᠤᠨ ᠳᠦᠬᠦᠷᠢᠭ | ᠦᠯᠠᠳᠠᠵᠠᠢ ᠰᠢᠣ ᠁ ᠡᠨᠡ ᠶᠠᠩᠵᠣ ᠪᠠᠷ ᠠᠷᠪᠠᠨ ᠡᠳᠣᠷ ᠲᠤ ᠳᠦᠮᠠ ᠢᠯᠠᠬᠦᠦ ᠳᠦᠬᠦᠷᠢᠭ ᠬᠤᠳᠬᠤᠭᠠᠳ | ᠣᠯᠴᠢᠬᠠᠨ᠎ᠠ ᠰᠢᠣ ᠁ | ᠬᠤᠶᠠᠷ | ᠬᠠᠶᠢᠯ ᠪᠠᠭᠤᠵᠣ ᠬᠠᠭᠳᠠ ᠬᠦᠭᠡᠷᠡᠭᠰᠡᠨ ᠬᠠᠪᠣᠷ ᠤᠨ ᠣᠯᠠᠷᠢᠯ ᠪᠣᠯᠵᠣ ᠢᠷᠡᠪᠡ᠃ ᠬᠠᠪᠢ ᠵᠡᠷᠭᠡᠯᠡᠳᠡᠭᠡ | ᠠᠶᠢᠯ ᠤᠳ ᠤᠨ ᠬᠢᠨ ᠪᠦᠷ ᠬᠠᠪᠣᠷ ᠤᠨ ᠳᠠᠷᠢᠯᠭ᠎ᠠ᠂ ᠬᠤᠨᠢ ᠮᠠᠯ ᠳᠤ ᠪᠠᠨ ᠶᠠᠭᠠᠷᠠᠵᠣ ᠡᠬᠢᠯᠠᠬᠦ ᠳᠤ ᠬᠠᠯᠳᠠᠷ ᠤᠨ | ᠡᠬᠦᠳᠠᠨ ᠳᠤ ᠬᠠᠷᠢᠨ ᠨᠠᠮ ᠵᠢᠮ ᠭᠡᠪ ᠢᠶᠠᠷ ᠢᠶᠠᠨ᠃ ᠭᠡᠷ ᠤᠨ ᠡᠵᠡᠨ ᠣᠷᠴᠢᠮ ᠬᠤᠷᠢ ᠭᠠᠷᠣᠢ ᠪᠦᠳᠦᠬᠦᠨ ᠮᠠᠯ | ᠪᠣᠯᠣᠨ ᠬᠤᠶᠠᠷ ᠵᠠᠭᠤ ᠭᠠᠷᠣᠢ ᠮᠦ ᠳᠠᠷᠢᠶ᠎ᠠ ᠪᠠᠨ ᠪᠦᠷ ᠪᠣᠰᠣᠳ ᠲᠤ ᠬᠤᠳᠠᠯᠳᠣᠵᠣ ᠳᠦᠷᠢᠶᠡᠰᠦᠯᠡᠭᠰᠡᠨ ᠪᠣᠯᠬᠤᠷ | ᠳᠠᠬᠦᠨ ᠳᠤ ᠬᠢᠮᠠᠷ ᠠᠵᠢᠯ ᠭᠡᠵᠣ ᠪᠠᠶᠢᠭ᠎ᠠ ᠦᠭᠡᠢ᠃ ᠵᠦᠪᠭᠡᠨ ᠰᠦᠨᠢ ᠰᠦᠨᠢ ᠮᠠᠵᠢᠶᠠᠩ ᠤᠨ ᠳᠠᠯᠠᠪᠠᠢ ᠮᠠᠨᠠᠬᠤ ᠨᠢ | ᠳᠠᠬᠦᠨ ᠤ ᠬᠠᠮᠤᠭ ᠳᠣᠷᠠᠳᠠᠢ ᠮᠦᠷᠳᠡᠭᠡᠨ ᠬᠠᠮᠤᠭ ᠣᠯᠵᠠ ᠲᠠᠢ ᠠᠵᠣ ᠪᠣᠯᠵᠠᠢ᠃ ᠨᠢᠭᠡᠯᠭᠡᠨ ᠰᠠᠷ᠎ᠠ ᠶᠢᠨ ᠳᠣᠳᠣᠷ᠎ᠠ | ᠳᠠᠷᠠ ︽ᠮᠠᠵᠢᠶᠠᠩ ᠮᠠᠨᠠᠭᠠᠴᠢ︾ ᠶᠢᠨ ᠠᠵᠢᠯ ᠠᠴᠠ ᠪᠠᠨ ᠨᠢᠭᠡᠨᠳᠠ ᠬᠤᠶᠠᠷ ᠳᠦᠮᠠ ᠭᠠᠷᠣᠢ ᠳᠦᠬᠦᠷᠢᠭ | ᠡᠪᠦᠷᠯᠡᠴᠢᠭᠡᠭᠰᠡᠨ ᠰᠡᠳᠬᠢᠯ ᠬᠠᠨᠣᠮᠵᠢᠳᠠᠢ ᠶᠠᠪᠣᠨ᠎ᠠ᠃ | ᠨᠠᠮᠣᠷ ᠤᠨ ᠦᠶ᠎ᠠ ᠪᠠᠷ ᠪᠠᠯᠭᠠᠰᠣᠨ ᠠᠴᠠ ᠠᠰᠠᠷ ᠠᠪᠴᠣ ᠰᠠᠭᠤᠷᠢᠰᠢᠬᠤ ᠪᠠᠷ ᠪᠠᠶᠢᠭ᠎ᠠ ᠮᠦᠷᠲᠡᠭᠡᠨ ᠰᠢᠷ᠎ᠠ | ᠠᠬ᠎ᠠ ᠶᠢᠨ ᠣᠳᠠᠯ ᠦᠭᠡᠢ ᠡᠷᠬᠢᠯᠠᠬᠦ ᠭᠡᠵᠣ ᠪᠠᠶᠢᠭ᠎ᠠ ᠪᠠᠯᠭᠠᠰᠣᠨ ᠤ ᠬᠠᠮᠤᠭ ᠳᠣᠮᠣ ᠮᠦᠷᠦᠢ ᠶᠢᠨ ᠳᠠᠯᠠᠪᠠᠢ ᠶᠢᠨ ᠳᠠᠳ᠋ | ᠡᠵᠡᠡᠲᠡᠨ ᠪᠣᠯᠬᠤ ᠪᠠᠷ ᠪᠠᠶᠢᠭ᠎ᠠ ᠪᠣᠯᠬᠤᠷ ᠬᠦᠳᠡᠭᠡ ᠳᠠᠷᠢᠶᠠᠨ ᠤ ᠬᠠᠷ᠎ᠠ ᠪᠣᠷᠣ ᠠᠵᠢᠯ ᠨᠢ ᠳᠠᠬᠦᠨ ᠳᠤ ᠬᠤᠯᠠ | ᠴᠢᠮᠡᠯᠠᠭᠳᠠᠵᠣ ᠳᠣᠣᠷᠠᠳᠣ ᠳᠠᠪᠬᠤᠷᠭ᠎ᠠ ᠶᠢᠨ ᠠᠵᠢᠯ ᠮᠠᠳᠣ ᠪᠤᠳᠤᠭᠳᠠᠨ᠎ᠠ᠃ ᠲᠡᠶᠢᠨ ᠬᠦ ᠳᠦᠮᠠᠨ ᠳᠦᠴᠢᠬᠢᠨᠡᠭᠰᠡᠨ | ᠬᠠᠪᠣᠷ ᠤᠨ ᠶᠠᠭᠠᠷᠠᠣ ᠴᠠᠭ ᠳᠠᠷᠠ ᠭᠠᠭᠴᠠᠭᠠᠷ ᠨᠡᠭᠡᠭᠡᠯᠳᠠᠢ ᠴᠣᠩᠬᠤ ᠪᠠᠷ ᠬᠦᠯ ᠢᠶᠠᠨ ᠭᠠᠷᠭᠠᠵᠣ᠂ ᠬᠦᠷᠪᠠᠵᠣ | ᠣᠷᠪᠠᠵᠣ ᠪᠠᠶᠢᠨ ᠣᠨᠳᠠᠬᠤ ᠭᠡᠭᠴᠢ ᠦᠨᠡᠭᠡᠷ ᠭᠡᠯᠡᠵᠣ ᠲᠡᠶᠢᠯᠣᠮᠡ ᠦᠭᠡᠢ ᠬᠠᠪᠤ ᠵᠢᠷᠭᠠᠯᠳᠠᠢ ᠰᠠᠨᠠᠭᠳᠠᠨ᠎ᠠ᠃ | ᠦᠨᠦᠳᠣᠷ ᠦᠳᠠ ᠦᠡᠭᠭᠡᠷᠡᠬᠦ ᠶᠢᠨ ᠦᠶ᠎ᠠ ᠪᠠᠷ ᠭᠡᠷ ᠤᠨ ᠡᠵᠡᠨ ᠭᠠᠷᠴᠣ ᠢᠷᠡᠨ ᠨᠤᠤᠬᠠᠳᠤᠵᠤ ᠰᠡᠶᠢᠮᠡᠶᠢᠭᠰᠡᠨ | ᠨᠢᠳᠣ ᠪᠠᠨ ᠨᠣᠬᠤᠯᠣᠨ ᠪᠠᠶᠢᠵᠤ ᠮᠣᠲ᠋ᠣᠷ ᠢᠶᠠᠨ ᠭᠠᠯᠯᠠᠨ ᠠᠶᠢᠯ ᠵᠦᠭ ᠳᠠᠪᠬᠢᠭᠤᠯᠵᠣ ᠣᠳᠣᠭᠰᠠᠨ ᠨᠢ ᠮᠦᠨ ᠯᠠ | ᠮᠠᠵᠢᠶᠠᠩ ᠤᠨ ᠳᠠᠯᠠᠪᠠᠢ ᠪᠠᠨ ᠬᠤᠮᠢᠵᠣ ᠳᠢᠭᠯᠡᠬᠦ ᠪᠠᠷ ᠶᠠᠪᠣᠭᠰᠠᠨ ᠪᠣᠯᠣᠯᠳᠠᠢ᠂ ᠳᠠᠪᠤ ᠳᠣᠯᠣᠭᠠᠨ ᠡᠳᠣᠷ ᠲᠤ ᠲᠡᠭᠡᠵᠦ | ᠨᠢᠭᠡ ᠣᠳᠠᠭ᠎ᠠ ︽ᠡᠷᠳᠡᠯᠠᠨ︾ ᠣᠴᠢᠵᠣ ᠲᠠᠮᠠᠬᠢᠨ ᠭᠤᠣᠷᠠᠰᠦ ᠳᠦᠬᠦᠷᠦᠭᠰᠡᠨ ᠱᠠᠯᠠ ᠬᠦᠰᠠᠷ ᠢ ᠨᠢ ᠠᠷᠢᠯᠭᠠᠵᠣ | ᠴᠡᠪᠡᠷᠯᠡᠳᠡᠭ ᠨᠢ ᠲᠡᠭᠦᠨ ᠤ ᠡᠳᠣᠷ ᠢᠶᠠᠷ ᠬᠢᠳᠡᠭ ᠴᠤᠷ ᠤᠨ ᠭᠠᠭᠴᠠ ᠠᠵᠢᠯ ᠭᠡᠳᠡᠭ ᠢ ᠬᠠᠯᠳᠠᠷ ᠴᠦ ᠳᠣᠳᠣᠷᠬᠠᠢ | ᠮᠡᠳᠡᠬᠦ ᠪᠣᠯᠵᠠᠢ᠃ | ᠡᠵᠡᠨ ᠨᠢ ᠶᠠᠪᠣᠭᠠᠳ ᠳᠠᠮᠠᠢ ᠣᠳᠠᠯ ᠦᠭᠡᠢ ᠴᠡᠮᠴᠡᠶᠢᠳᠠᠯᠠ ᠭᠤᠶᠣᠯᠠᠵᠣ ᠵᠠᠰᠠᠭᠰᠠᠨ ᠡᠵᠡᠭᠳᠡᠢ ᠭᠤᠶᠣ | ᠬᠢᠴᠠ ᠲᠠᠢ ᠭᠠᠷ ᠣᠳᠠᠰᠣ ᠪᠠᠨ ᠠᠯᠳᠠᠨ ᠡᠭᠡᠮᠦᠭ ᠰᠠᠵᠢᠯᠠᠭᠰᠠᠨ ᠦᠷᠦᠭᠡᠰᠣᠨ ᠴᠢᠬᠢᠨ ᠳᠤ ᠪᠠᠨ ᠨᠠᠭᠠᠯᠳᠣᠭᠤᠯᠣᠨ | ᠭᠠᠷᠴᠣ ᠢᠷᠡᠭᠡᠳ ᠬᠦᠷᠢᠶᠠᠨ ᠳᠣᠮᠳᠠᠭᠤᠷ ᠰᠣᠯᠠ ᠠᠯᠬᠤᠯᠠᠨ ᠭᠡᠨ ᠨᠢᠭᠡᠨ ᠲᠠᠢ ᠶᠠᠷᠢᠯᠴᠠᠨ᠎ᠠ᠃ | — — ᠬᠦᠢ᠂ ᠳᠡᠭᠡᠭᠡᠳ ᠪᠢᠳᠠ ᠭᠡᠵᠢᠶ᠎ᠠ ᠪᠠᠷ ᠮᠣᠷᠳᠠᠬᠤ ᠪᠣᠢ︖ ᠣᠳᠣᠬᠠᠨ ᠳᠤ ᠪᠢ ᠪᠡᠯᠡᠳᠭᠡᠭᠡᠳ | ᠨᠠᠯᠢᠶᠠᠳ ᠪᠦᠷᠢᠨ ᠳᠦᠬᠦᠷ ᠪᠣᠯᠣᠭᠰᠠᠨ᠃ | — — ᠠ᠂ ᠮᠠᠷᠭᠠᠰᠢ ᠡ︖ ᠮᠠᠷᠭᠠᠰᠢ ᠪᠣᠯᠬᠤ ᠦᠭᠡᠢ᠃ ᠮᠠᠷᠭᠠᠰᠢ ᠭᠡᠦᠭᠡᠳ ᠰᠣᠷᠭᠠᠭᠤᠯᠢ ᠠᠴᠠ ᠪᠠᠨ | ᠬᠠᠷᠢᠵᠦ ᠢᠷᠡᠨ᠎ᠠ᠃ ᠶᠠᠭᠠᠬᠢᠯ᠎ᠠ ᠴᠦ ᠭᠡᠰᠡᠨ ︽ᠪᠢᠴᠢᠬᠠᠨ ᠭᠠᠶᠢᠬᠠᠯ︾ ᠢ ᠨᠢᠭᠡ ᠣᠳᠠᠭ᠎ᠠ ᠠᠷᠭᠠᠯᠠᠵᠦ ᠶᠠᠪᠣᠭᠤᠯᠣᠶᠠ | ᠳ᠋ᠠ︕ ᠭᠠᠷᠠᠭ ᠤᠨ ᠨᠢᠭᠡᠨ ᠳᠤ ᠰᠣᠷᠭᠠᠭᠤᠯᠢ ᠨᠢ ᠡᠬᠢᠯᠠᠴᠢᠭᠡᠨᠠ᠃ ᠬᠤᠶᠠᠷ ᠡᠳᠣᠷ ᠤᠨ ᠠᠮᠠᠷᠠᠯᠳᠠ ᠰᠢᠳᠠ᠃ | ᠭᠠᠷᠠᠭ ᠤᠨ ᠬᠤᠶᠠᠷ᠂ ᠳᠠᠶᠢᠮᠤ᠂ ᠭᠠᠷᠠᠭ ᠤᠨ ᠬᠤᠶᠠᠷ ᠢᠶᠠᠷ ᠳᠣᠭᠳᠠᠴᠢᠬᠠᠶᠠ︕ ᠪᠣᠯᠵᠠᠢ ᠡ᠂ ᠭᠠᠷᠠᠭ ᠤᠨ | ᠬᠤᠶᠠᠷ ᠠᠴᠠ ᠡᠬᠢᠯᠡᠭᠡᠳ ᠡᠳᠣᠷ ᠡᠳᠣᠷ ᠶᠠᠭᠠᠬᠢᠳᠠᠭ ᠢᠶᠠᠨ ᠦᠪᠡᠷᠳᠡᠭᠡᠨ ᠮᠡᠳᠡ ᠳ᠋ᠠ᠃ ᠬᠤᠶᠠᠷᠬᠠᠨ ᠬᠤᠨᠤᠭ ᠢ ᠴᠦ | ᠳᠠᠰᠴᠣ ᠲᠡᠶᠢᠯᠡᠬᠦ ᠦᠭᠡᠢ ᠪᠤᠯᠴᠢᠬᠠᠪᠠ ᠤᠤ ᠭᠡᠵᠣ ᠡᠵᠡᠭᠳᠡᠢ ᠡᠷᠬᠡᠯᠡᠩᠬᠦᠢ ᠲᠤᠨᠢᠷᠬᠠᠡᠭᠭᠤᠢ ᠶᠠᠷᠢᠡᠡᠰᠠᠭᠠᠷ ᠭᠠᠷ | ᠣᠳᠠᠰᠣ ᠪᠠᠨ ᠬᠤᠮᠢᠵᠣ ᠳᠠᠷᠤᠭᠠᠳ ᠬᠠᠷᠮᠠᠨ ᠳᠤ ᠪᠠᠨ ᠰᠢᠷᠭᠤᠭᠤᠯᠤᠨ ᠳᠠᠬᠢᠨ ᠠᠮᠠᠨ ᠳᠤ ᠪᠠᠨ ᠶᠠᠮᠠᠷ ᠨᠢᠭᠡᠨ ᠳᠠᠭᠤᠣ | ᠬᠢᠨᠭᠰᠢᠭᠰᠡᠭᠡᠷ ᠮᠦᠨ ᠯᠠ ᠬᠦᠷᠢᠶᠠᠨ ᠳᠣᠮᠳᠠᠭᠤᠷ ᠬᠢᠳᠡᠯ ᠠᠯᠲᠠᠨ ᠠᠯᠬᠤᠯᠠᠨ᠎ᠠ᠃ | ᠬᠠᠯᠳᠠᠷ ᠲᠡᠭᠦᠨ ᠢ ᠨᠢᠳᠣ ᠴᠠᠪᠴᠢᠯ ᠦᠭᠡᠢ ᠱᠤᠬᠤᠭᠤᠷᠬᠠᠨ ᠬᠠᠷᠬᠠᠰᠠᠭᠠᠷ᠃ ᠬᠤᠣᠰ ᠳᠦᠮᠪᠣᠭᠡᠷ᠂ | ᠬᠤᠯᠪᠣᠭᠠᠰᠣ ᠰᠢᠬ ᠪᠡᠯᠭᠡᠬᠦᠰᠦ ᠠᠴᠠ ᠨᠢ ᠡᠬᠢᠯᠡᠨ ᠬᠦᠳᠡᠯᠦᠯ ᠪᠠᠷᠢᠯ ᠳᠤ ᠨᠢ ᠬᠦᠷᠳᠠᠯ᠎ᠠ ᠨᠢᠳᠣ ᠰᠠᠯᠭᠠᠯ ᠦᠭᠡᠢ | ᠱᠤᠬᠤᠭᠤᠷᠬᠠᠨ ᠬᠠᠷᠠᠬᠤ ᠨᠢ ᠬᠠᠯᠳᠠᠷ ᠤᠨ ᠨᠢᠳᠣᠨ ᠳᠤ ᠳᠠᠩᠳᠠ ᠳᠡᠳᠡᠭᠡᠷ ᠡᠷᠭᠡᠳᠡᠨ ᠨᠢ ᠬᠤᠣᠰ ᠴᠠᠭᠠᠨ ᠮᠠᠨᠳᠠᠣ | ᠪᠢᠰᠢ ᠪᠣᠯ ᠬᠦᠪᠰᠦᠬᠦᠷ ᠵᠦᠭᠡᠯᠡᠨ ᠪᠤᠤᠵᠨ᠂ ᠰᠦᠨ ᠡᠭᠡᠳᠡᠩ ᠲᠠᠢ ᠪᠣᠭᠤᠷᠰᠤᠭ ᠪᠣᠯᠵᠣ ᠬᠠᠷᠠᠬᠳᠠᠬᠤ ᠨᠢ ᠰᠢᠯᠣᠰᠣ | ᠣᠷᠣᠰᠬᠠᠮᠠᠷ ᠡ︕ ᠬᠠᠯᠳᠠᠷ ᠵᠠᠯᠭ᠎ᠠ ᠪᠠᠷ ᠨᠢᠭᠡ ᠭᠠᠷᠠᠭ ᠭᠡᠳᠡᠰᠦ ᠳᠦᠬᠦᠷᠡᠭᠡ ᠦᠭᠡᠢ ᠪᠢᠯᠠ᠃ ᠭᠡᠪᠡᠴᠣ ᠳᠠᠷᠠ | ᠦᠨᠦᠳᠣᠷ ᠭᠡᠳᠣᠢ ᠦᠯᠦᠰᠴᠣ ᠦᠯᠪᠠᠷᠠᠮᠠᠷ ᠪᠠᠶᠢᠭᠰᠠᠨ ᠴᠦ ᠳᠡᠭᠡᠵᠣ ᠭᠠᠰᠠᠯᠵᠤ ᠭᠤᠩᠰᠢᠭᠰᠠᠨ ᠦᠭᠡᠢ᠃ ᠭᠠᠰᠠᠯᠵᠤ | ᠭᠤᠨᠭ᠍ᠰᠢᠯᠠ ᠴᠦ ᠭᠡᠰᠡᠨ ᠦᠴᠦᠭᠡᠨ ᠴᠦ ᠳᠣᠰᠠ ᠪᠣᠯᠬᠤ ᠦᠭᠡᠢ ᠮᠦᠷᠳᠡᠭᠡᠨ ᠢᠯᠠᠬᠦᠦ ᠳᠤ ᠪᠠᠨ ᠬᠦᠴᠦᠳᠠᠢ ᠭᠡᠳᠣ | ᠥᠰᠣᠷᠴᠦ ᠰᠠᠪᠠᠯᠠᠪᠠᠯ ᠬᠦᠯ ᠨᠢ ᠴᠡᠴᠡᠷᠠᠭᠡᠣᠨ ᠵᠣᠡᠡᠰᠣᠵᠦ ᠳᠠᠶᠢᠯᠬᠦ ᠪᠠᠨ ᠪᠤᠯᠢᠴᠢᠬᠠᠬᠤ ᠪᠠᠨ ᠳᠠᠷᠠ ᠰᠠᠶᠢᠨ ᠮᠠᠳᠠᠨ᠎ᠠ᠃ | | ᠦᠳᠠᠰᠢ᠂ ᠰᠢᠷ᠎ᠠ ᠪᠦᠷᠣᠢ ᠶᠢᠨ ᠦᠶ᠎ᠠ ᠪᠠᠷ ᠬᠠᠷᠢᠨ ᠬᠠᠯᠳᠠᠷ ᠣᠷᠢᠳᠣ ᠡᠮᠦᠨ᠎ᠠ ᠭᠠᠷᠤᠭ᠎ᠠ ᠦᠭᠡᠢ ᠦᠯᠦᠨ | ᠭᠡᠳᠡᠰᠣ ᠪᠠᠨ ᠲᠡᠪᠡᠲᠡᠢ ᠳᠦᠬᠦᠷᠭᠡᠵᠣ ᠪᠢᠯᠠ᠃ ᠣᠴᠢᠷ ᠨᠢ ᠡᠨᠡ ᠣᠷᠣᠢ ᠪᠢᠴᠢᠬᠠᠨ ᠡᠵᠡᠨ ᠨᠢ | ᠰᠣᠷᠭᠠᠭᠤᠯᠢ ᠠᠴᠠ ᠪᠠᠨ ᠪᠣᠴᠠᠵᠣ ᠢᠷᠡᠭᠰᠡᠨ ᠤ ᠬᠢᠨᠢ ᠠᠴᠢ ᠪᠠᠶᠢᠵᠠᠢ᠃ | ᠡᠪᠡᠷ ᠰᠠᠯᠠᠭ᠎ᠠ ᠭᠡᠵᠢᠭᠡ ᠪᠠᠨ ᠣᠯᠠᠨ ᠡᠳᠣᠷ ᠡᠪᠳᠡᠢ ᠬᠦᠷᠦᠵᠣ ᠰᠠᠮᠨᠠᠭᠰᠠᠨ ᠦᠭᠡᠢ ᠰᠣᠯᠠᠷᠠᠵᠣ ᠰᠡᠭᠰᠡᠶᠢᠭᠰᠡᠨ | ᠰᠢᠢᠤᠭᠡᠨ ᠬᠠᠷᠠᠭᠳᠠᠵᠣ ᠪᠠᠶᠢᠭᠰᠠᠨ ᠴᠦ ᠴᠣᠭᠳᠠᠢ ᠬᠥᠭᠡᠷᠣᠬᠦᠨ ᠳᠣᠭᠤᠯ ᠬᠠᠷ᠎ᠠ ᠨᠢᠳᠣ ᠪᠠᠷ ᠢᠶᠠᠨ ᠳᠠᠬᠦᠨ ᠢ | ᠪᠠᠶᠠᠷᠳᠡᠶᠢᠬᠠᠨ ᠬᠠᠷᠠᠵᠣ ᠪᠢᠴᠢᠬᠠᠨ ᠭᠠᠷ ᠢᠶᠠᠷ ᠢᠶᠠᠨ ᠪᠠᠶᠢᠳᠠᠭ ᠰᠠᠶᠢᠨ ᠠᠮᠳᠠᠳᠠᠢ ᠢᠳᠡᠭᠡᠨ ᠢᠶᠠᠨ ᠳᠠᠪᠠᠷᠢᠵᠣ | ᠠᠪᠴᠢᠷᠠᠭᠠᠳ ᠳᠠᠬᠦᠨ ᠳᠤ ᠤᠶᠢᠷᠠᠲᠤᠭᠤᠯᠵᠤ ᠦᠭᠬᠦᠭᠡᠳ ᠬᠠᠭ᠋ᠠᠵᠤ ᠵᠠᠩᠬᠢᠷᠠᠳᠠᠯᠠ ᠵᠡᠯᠬᠢᠬᠤ ᠶᠢ ᠨᠢ ᠬᠠᠷᠠᠭᠠᠳ | ᠬᠠᠵᠠᠭᠤ ᠳᠤ ᠨᠢ ᠴᠠᠶᠢᠯᠭᠠᠨ ᠭᠡᠭᠴᠢ ᠢᠨᠢᠶᠠᠨ ᠵᠣᠭᠰᠣᠬᠤ ᠨᠢ ᠶᠠᠮᠠᠷ ᠳᠠᠭᠠᠳᠠᠢ ᠵᠢᠷᠭᠠᠯ ᠪᠢᠯᠠ︖ | ᠬᠠᠯᠳᠠᠷ ᠳᠠᠷᠠ ᠰᠦᠨᠢ ᠭᠡᠳᠡᠰᠣ ᠴᠠᠳᠬᠤᠯᠠᠩ ᠰᠡᠳᠬᠢᠯ ᠲᠠᠶᠢᠪᠤᠭᠤᠬᠠᠨ ᠭᠢᠨᠵᠢ ᠪᠠᠨ ᠳᠠᠷᠡᠯᠡᠭᠡᠳ ᠨᠦᠢᠷᠰᠤᠵᠦ | ᠪᠢᠯᠠ᠃ | ᠭᠤᠷᠪᠠ | ᠬᠠᠬᠢᠷ ᠬᠦᠢᠳᠠᠨ ᠰᠠᠯᠬᠢ ᠦᠯᠢᠶᠡᠨ ᠴᠠᠰᠣ ᠪᠤᠲᠠᠷᠠᠭᠠᠵᠤ ᠪᠠᠶᠢᠰᠢᠩ ᠢ ᠣᠷᠢᠶᠠᠨ ᠬᠠᠯᠳᠠᠷ ᠤᠨ ᠦᠭᠡᠳᠠ ᠠᠴᠠ | ᠨᠠᠶᠢᠷ ᠦᠭᠡᠢ ᠰᠢᠯᠪᠢᠬᠦᠷᠳᠡᠨᠡ᠃ ᠦᠯ ᠬᠤᠭᠤᠯᠠ ᠦᠭᠡᠢ ᠭᠡᠳᠣᠨ ᠡᠳᠣᠷ ᠪᠣᠯᠣᠭᠰᠠᠨ ᠤ ᠳᠡᠭᠡᠷ᠎ᠠ ᠡᠬᠦᠷ ᠡᠯᠣ ᠭᠡᠮᠡᠷ | ᠠᠷᠭᠠᠯᠠᠵᠣ ᠳᠠᠯᠳᠠᠯᠠᠮᠠᠷ ᠶᠠᠭᠤᠮ᠎ᠠ ᠦᠭᠡᠢ ᠪᠣᠯᠬᠤᠷ ᠴᠣᠩᠬᠤᠨ ᠣᠭ ᠤᠨ ᠴᠠᠰᠣ ᠣᠪᠣᠭᠠᠷᠠᠭᠰᠠᠨ ᠬᠦᠢᠳᠠᠨ ᠽᠤᠮᠤᠨ᠋ᠲ | ᠳᠠᠶᠢᠵᠠᠨ ᠳᠡᠭᠡᠬᠦᠷ ᠬᠢᠨᠵᠢ ᠳᠠᠷᠴᠢᠬᠢᠨᠠᠭᠤᠯᠣᠨ ᠭᠡᠳᠣᠨ ᠠᠯᠬᠤᠮ ᠤᠨ ᠵᠠᠢ ᠳᠤ ᠠᠷᠭ᠎ᠠ ᠠᠭᠠᠰᠢ ᠠᠯᠳᠠᠷᠠᠨ ᠡᠶᠢᠰᠢ | ᠲᠡᠶᠢᠰᠢ ᠨᠣᠭᠤᠴᠠᠨ ᠠᠯᠬᠤᠯᠠᠨ᠎ᠠ᠃ | ᠡᠵᠡᠭᠳᠡᠢ ᠶᠢᠨ ᠪᠠᠷ᠎ᠠ ᠲᠠᠰᠤᠷᠠᠵᠤ ᠨᠠᠯᠢᠶᠠᠳ ᠣᠳᠠᠵᠠᠢ᠃ ᠭᠡᠷ ᠤᠨ ᠡᠵᠡᠨ ᠡᠳᠣᠷᠵᠢᠨ ᠦᠨᠦ ᠯᠣᠩᠬᠤ ᠲᠠᠢ | ᠭᠠᠰᠢᠭᠤᠨ ᠣᠰᠣ ᠪᠠᠨ ᠬᠦᠡᠲᠡᠷᠴᠦ᠂ ᠭᠠᠳᠠᠨ᠎ᠠ ᠭᠠᠷᠴᠣ ᠢᠷᠡᠬᠦ ᠴᠤᠷ ᠤᠨ ᠭᠠᠭᠴᠠ ᠣᠴᠢᠷ ᠪᠣᠯ ᠳᠣᠭᠤᠰᠬᠠᠨ | ᠭᠡᠷᠡᠮ ᠤᠨ ᠣᠭ ᠲᠤ ᠮᠠᠭᠤ ᠣᠰᠣ ᠪᠠᠨ ᠠᠰᠬᠠᠬᠤ ᠶᠠᠪᠣᠳᠠᠯ ᠪᠣᠯᠣᠨ᠎ᠠ᠃ | ᠪᠢᠴᠢᠬᠠᠨ ᠡᠵᠡᠨ ᠨᠢ ᠨᠢᠭᠤᠷ ᠴᠢᠷᠠᠢ ᠪᠠᠨ ᠬᠠᠯᠳᠠᠷᠰᠢᠭᠤᠯᠣᠨ ᠮᠦᠢᠯ ᠬᠠᠷ᠎ᠠ ᠨᠢᠳᠣ ᠶᠢ ᠨᠢ ᠪᠠᠷᠤᠭ ᠣᠯᠵᠣ | ᠬᠠᠷᠬᠠᠡᠦ ᠦᠭᠡᠢ ᠪᠣᠯᠳᠠᠯ᠎ᠠ ᠬᠠᠪᠣᠳᠴᠣ ᠡᠳᠣᠷᠵᠢᠨ ᠣᠬᠢᠯᠠᠩᠬᠠᠨ ᠶᠠᠪᠣᠳᠠᠭ ᠴᠦ ᠳᠠᠬᠦᠨ ᠳᠤ ᠡᠳᠣᠷ ᠤᠨ ᠭᠤᠷᠪᠠᠨ | ᠡᠷᠡᠨ ᠤ ᠬᠤᠭᠤᠯᠠ ᠴᠢᠳᠬᠤᠵᠤ ᠦᠭᠳᠡᠭ ᠢᠶᠠᠨ ᠶᠠᠷᠣ ᠠᠯᠳᠠᠳᠠᠭ ᠦᠭᠡᠢ ᠪᠠᠶᠢᠭᠰᠠᠨ᠃ ᠭᠡᠬᠦ ᠳᠤ ᠣᠷᠴᠢᠮ ᠤᠨ | ᠬᠤᠶᠠᠷ ᠡᠳᠣᠷ ᠠᠴᠠ ᠪᠢᠴᠢᠬᠠᠨ ᠡᠵᠡᠨ ᠨᠢ ᠳᠠᠬᠦᠨ ᠳᠤ ᠬᠤᠭᠤᠯᠠ ᠭᠡᠵᠣ ᠦᠭᠬᠦ ᠪᠠᠨ ᠪᠤᠯᠢᠭᠰᠠᠨ ᠮᠥᠷᠲᠡᠭᠡᠨ | ᠪᠠᠷ᠎ᠠ ᠶᠢ ᠨᠢ ᠴᠦ ᠣᠯᠵᠣ ᠬᠠᠷᠠᠬᠤ ᠪᠠᠨ ᠪᠣᠯᠢᠭᠰᠠᠨ᠃ ᠭᠡᠷ ᠤᠨ ᠡᠵᠡᠨ ᠨᠢ ᠴᠦ ᠴᠣᠬᠤᠮ ᠬᠠᠮᠢᠭ᠎ᠠ ᠮᠠᠭᠤ | ᠣᠰᠣ ᠪᠠᠨ ᠠᠰᠬᠠᠵᠣ ᠪᠠᠶᠢᠭ᠎ᠠ ᠶᠢ ᠮᠠᠳᠠᠬᠦ ᠦᠭᠡᠢ᠃ ᠬᠢᠯᠠᠭᠠᠷ ᠴᠠᠭᠠᠨ ᠡᠬᠦᠳᠠᠨ ᠤ ᠣᠭ ᠲᠤ ᠬᠢᠯᠳᠠᠭᠠᠭᠰᠠᠨ | ᠴᠠᠭᠠᠨ ᠴᠠᠰᠣ ᠬᠤᠷᠠᠨ ᠣᠪᠣᠭᠠᠷᠠᠭᠰᠠᠨ ᠭᠡᠪ ᠲᠤ ᠪᠠᠨ᠂ ᠳᠣᠭᠤᠰᠬᠠᠨ ᠭᠡᠷᠡᠮ ᠤᠨ ᠬᠠᠵᠠᠭᠤ ᠳᠤ ᠳᠣᠬᠤᠢ ᠤᠷᠳᠤ | ᠰᠣᠨᠣᠯᠵᠠᠭᠰᠠᠨ ᠡᠵᠡᠨ ᠤ ᠬᠢᠨᠢ ᠦᠷᠬᠦᠯᠵᠢ ᠠᠰᠬᠠᠭᠠᠳ ᠦᠷᠭᠡᠳᠭᠡᠵᠣ ᠬᠦᠯᠳᠡᠭᠡᠳᠡᠭ ᠮᠠᠭᠤ ᠣᠰᠣᠨ ᠤ ᠮᠦᠰᠣᠨ ︽ | ᠮᠣᠭᠠᠢ︾ ᠨᠢ ᠴᠦ ᠮᠦᠯᠦ᠋ᠢᠭᠰᠡᠨ ᠭᠡᠪ ᠲᠤ ᠪᠠᠨ ᠯᠠ ᠪᠠᠶᠢᠯ᠎ᠠ᠃ | ᠦᠳᠠ ᠶᠢᠨ ᠦᠶ᠎ᠠ ᠪᠠᠷ ᠴᠠᠰᠣ ᠣᠯᠠᠮ ᠰᠢᠷᠦᠬᠦᠰᠴᠣ ᠡᠬᠢᠯᠠᠪᠠ᠃ ᠬᠠᠯᠳᠠᠷ ᠡᠮᠦᠨ᠎ᠠ ᠬᠤᠶᠠᠷ ᠬᠠ ᠪᠠᠷ ᠢᠶᠠᠨ | ᠡᠪᠲᠡᠶᠢᠭᠡᠨ ᠭᠡᠭᠴᠢ ᠮᠠᠯᠳᠠᠨ ᠪᠠᠶᠢᠵᠦ ᠬᠤᠷᠠᠭᠰᠠᠨ ᠴᠠᠰᠣᠨ ᠣᠪᠣᠭᠠᠨ ᠳᠤᠤᠭᠤᠷ ᠬᠦᠨᠳᠠᠢ ᠨᠦᠭᠡ ᠮᠠᠯᠳᠠᠵᠣ | ᠠᠪᠣᠭᠠᠳ ᠰᠠᠶ᠋ᠢ ᠰᠠᠯᠬᠢ ᠳᠠᠯᠳᠠᠯᠠᠬᠤ ᠭᠡᠵᠣ ᠰᠢᠷᠭᠤᠨ ᠣᠷᠣᠭᠠᠳ ᠭᠡᠪᠳᠡᠵᠣ ᠪᠠᠶᠢᠳᠠᠯ᠎ᠠ᠂ ᠰᠠᠯᠬᠢᠨ ᠳᠤ | ᠰᠠᠵᠢᠯᠠᠭᠰᠠᠭᠠᠷ ᠪᠠᠶᠢᠵᠦ ᠰᠠᠯᠪᠠᠷᠠᠵᠦ ᠣᠨᠠᠭᠰᠠᠨ ᠬᠦᠷᠢᠶᠠᠨ ᠡᠬᠦᠳᠠ ᠪᠠᠷ ᠴᠠᠰᠣ ᠵᠠᠵᠢᠬᠢᠨᠠᠭᠤᠯᠣᠨ ᠨᠢᠭᠡᠨ ᠴᠠᠭᠳᠠᠭᠠᠨ | ᠳᠡᠷᠭᠡ ᠰᠢᠭᠤᠳ ᠣᠷᠣᠵᠣ ᠢᠷᠡᠪᠡ᠃ ᠴᠠᠭᠳᠠᠭᠠᠨ ᠲᠡᠷᠭᠡ ᠬᠦᠷᠢᠶᠠᠨ ᠳᠣᠮᠳᠠ ᠵᠣᠭᠰᠣᠵᠣ ᠡᠬᠦᠳᠡ ᠨᠢ ᠨᠡᠭᠡᠭᠡᠭᠳᠡᠨ | ᠳᠠᠨᠢᠯ ᠪᠣᠰᠣ ᠭᠡᠳᠣᠨ ᠴᠠᠭᠳᠠᠭᠠᠨ ᠬᠤᠪᠴᠠᠰᠣ ᠲᠠᠢ ᠬᠦᠮᠦᠨ ᠪᠠᠭᠤᠵᠣ ᠢᠷᠡᠬᠦ ᠳᠤ ᠨᠢ ᠬᠠᠯᠳᠠᠷ ᠶᠠᠭᠤ ᠬᠠᠢ ᠦᠭᠡᠢ | ᠴᠠᠰᠣᠨ ᠡᠬᠦᠷ ᠠᠴᠠ ᠪᠠᠨ ᠰᠣᠴᠢᠳᠠᠯ᠎ᠠ ᠬᠤᠴᠠᠭᠠᠳ ᠦᠰᠦᠷᠣᠨ ᠭᠠᠷᠴᠣ ᠢᠷᠡᠪᠡ᠃ | ᠰᠠᠶ᠋ᠢᠬᠠᠨ ᠪᠠᠭᠤᠵᠣ ᠢᠷᠡᠭᠰᠡᠨ ᠶᠣᠷᠳᠣᠭᠤᠷ ᠪᠦᠳᠦᠬᠦᠨ ᠭᠡᠳᠡᠰᠣ ᠲᠠᠢ ᠵᠢᠯᠣᠭᠤᠴᠢ ᠰᠣᠴᠢᠬᠤ ᠳᠤ ᠪᠠᠨ | ᠮᠠᠷᠢᠶᠠᠯᠠᠭ ᠬᠦᠮᠦᠨ ᠳᠤ ᠪᠠᠶᠢᠭ᠎ᠠ ᠦᠭᠡᠢ ᠪᠣᠰᠢᠭᠤ ᠬᠦᠳᠡᠯᠭᠡᠭᠡᠨ ᠢᠶᠠᠷ ︽ᠮᠠ ᠶᠠ︾ ᠭᠡᠬᠦ ᠳᠠᠭᠤᠨ ᠭᠠᠷᠴᠣ ᠠᠷᠣᠨᠰᠢ | ᠵᠠᠶᠢᠯᠠᠬᠤ ᠶᠢ ᠵᠠᠪᠳᠣᠳᠠᠯ᠎ᠠ᠂ ᠦᠨᠦ ᠮᠦᠯᠦ᠋ᠢᠨ ᠬᠦᠯᠳᠡᠭᠰᠡᠨ ᠮᠦᠰᠣᠨ ︽ᠮᠣᠭᠠᠢ︾ ᠶᠢᠨ ᠰᠠᠬᠦᠯ ᠳᠤ ᠬᠠᠯᠳᠣᠷᠢᠨ | ᠬᠦᠯᠳᠡᠬᠦᠦ ᠭᠠᠵᠠᠷ ᠲᠤ ᠤᠭᠤᠴᠠ ᠪᠠᠷ ᠢᠶᠠᠨ ᠤᠨᠠᠪᠠ᠃ ᠲᠡᠷᠨ᠂ ᠳᠡᠮᠡᠭᠡᠨ ᠳᠡᠪᠠᠭ ᠰᠢᠬ ᠲᠣᠮᠦ ᠠᠮᠠ ᠪᠠᠨ | ᠠᠩᠭᠠᠶᠢᠨ ᠵᠢᠭᠡᠬᠦᠨ ᠢᠶᠠᠷ ᠣᠷᠢᠯᠠᠵᠣ ᠭᠠᠷᠬᠤ ᠪᠠᠷ ᠱᠠᠯᠠᠮᠠᠭᠠᠢ ᠭᠡᠳᠣ ᠨᠢ ᠢᠷᠡᠵᠣ ᠳᠦᠯᠬᠢᠵᠣ ᠳᠠᠳᠠᠭᠰᠠᠭᠠᠷ | ᠳᠦᠡᠭᠭᠡᠵᠦ ᠡᠷᠬᠦᠨ ᠪᠣᠰᠬᠠᠵᠣ ᠪᠦᠭᠡᠮ ᠰᠦᠢᠳ ᠪᠣᠯᠵᠠᠢ᠃ ᠰᠣᠭᠳᠣᠭᠤ ᠭᠡᠷ ᠤᠨ ᠡᠵᠡᠨ ᠴᠦ ᠰᠡᠷᠡᠭᠰᠡᠨ ᠪᠣᠯᠣᠯᠳᠠᠢ᠂ | ᠮᠦᠰᠦ ᠴᠠᠰᠣ ᠲᠠᠢ ᠪᠠᠷᠢᠯᠳᠣᠨ ᠬᠦᠯᠳᠡᠭᠰᠡᠨ ᠬᠠᠭᠠᠯᠭ᠎ᠠ ᠪᠠᠨ ᠢᠰᠬᠦᠯᠵᠣ ᠨᠢᠳᠣᠷᠬᠤ ᠶᠢᠨ ᠲᠡᠩᠭᠡᠭᠡ ᠪᠠᠷ ᠳᠦᠡᠭᠭᠡᠵᠦ | ᠨᠡᠭᠡᠭᠡᠨ᠂ ᠨᠣᠣᠰᠣᠨ ᠣᠳᠠᠰᠣ ᠪᠠᠷ ᠦᠢᠯᠠᠳᠦᠭᠰᠡᠨ ᠱᠠᠯᠠ ᠶᠢᠨ ᠵᠦᠯᠬᠦᠬᠦᠷ ᠰᠢᠭ ᠦᠷᠪᠦᠶᠢᠵᠦ ᠰᠡᠭᠰᠡᠶᠢᠭᠰᠡᠨ | ᠦᠰᠦ ᠲᠠᠢ ᠳᠣᠯᠣᠭᠠᠢ ᠪᠠᠨ ᠴᠤᠬᠤᠶᠢᠯᠭᠠᠵᠤ᠂ ᠠᠷᠢᠬᠢᠨ ᠰᠢᠷᠠᠳᠤᠯ ᠢᠶᠠᠷ ᠤᠳᠠᠭᠠᠨ ᠡᠳᠣᠷ ᠬᠡᠪᠲᠡᠭᠰᠡᠨ ᠠᠴᠠ | ᠬᠦᠭᠡᠷᠴᠣ ᠬᠠᠪᠣᠳᠣᠭᠠᠳ ᠣᠳᠠᠰᠣ ᠰᠢᠬ ᠵᠠᠪᠰᠠᠷᠯᠠᠭᠰᠠᠨ ᠨᠢᠳᠣ ᠪᠠᠷ ᠢᠶᠠᠨ ᠴᠠᠭᠳᠠᠭᠠᠨ ᠳᠡᠷᠭᠡ ᠶᠢ ᠬᠠᠯᠳᠣ ᠣᠯᠵᠣ | ᠦᠵᠡᠭᠰᠡᠨ ᠪᠣᠯᠵᠣ᠂ ᠴᠢᠷᠣᠬᠦᠯ ᠱᠠᠬᠠᠢ ᠳᠤ ᠪᠠᠨ ᠴᠠᠰᠣ ᠡᠮᠬᠦᠬᠦᠯᠦᠨ ᠬᠠᠶᠢᠪᠠᠯᠵᠡᠨ ᠲᠠᠶᠢᠪᠠᠯᠵᠠᠭᠰᠠᠭᠠᠷ ᠭᠠᠷᠴᠣ | ᠢᠷᠡᠪᠡ᠃ ᠲᠡᠷᠨ᠂ ᠰᠦᠭᠡᠨᠭᠬᠢᠷᠡᠵᠣ ᠮᠠᠷᠠᠯᠳᠣᠭᠰᠠᠨ ᠳᠠᠭᠤᠨ ᠢᠶᠠᠷ᠄ | — — ᠴᠠᠭᠳᠠᠭ᠎ᠠ ᠨᠠᠷ ᠡ︕ ᠶᠠᠭᠠᠬᠢᠪᠠ︖ ᠮᠢᠨᠣ ᠡᠭᠡᠨᠡᠷ ᠤᠨ ᠰᠣᠷᠠᠭ ᠢ ᠣᠯᠣᠭᠰᠠᠨ ᠤᠤ︖ | ᠬᠠᠮᠢᠭ᠎ᠠ ᠶᠠᠪᠣᠵᠣ ᠪᠠᠶᠢᠨ᠎ᠠ︖ ᠮᠠᠭᠤ ᠦᠯᠦᠭᠴᠢᠨ᠃ ︽ᠢᠳᠡᠰᠢ︾ ᠪᠠᠨ ᠭᠤᠯᠣᠭᠠᠳ ᠡᠷ᠎ᠠ ᠳᠠᠭᠳ ᠶᠠᠪᠣᠭᠰᠠᠨ | ᠮᠠᠭᠤ ᠦᠯᠦᠭᠴᠢᠠ ᠢ ᠬᠠᠮᠢᠭ᠎ᠠ ᠠᠴᠠ ᠣᠯᠪᠠᠯ ᠳᠠᠨᠳᠠ ᠨᠢ ᠫᠣᠣᠳᠠᠵᠣ ᠠᠯᠠᠭᠠᠴᠢ᠂ ᠭᠡᠷᠡᠭ ᠢ ᠨᠢ ᠪᠢ ᠡᠬᠦᠷᠭᠡᠯᠡᠶᠠ︕ | ᠬᠦᠮᠦᠨ ᠴᠢᠨᠠᠷ ᠢ ᠨᠢ ᠨᠣᠬᠠᠢ ᠢᠳᠡᠭᠰᠡᠨ ᠠᠮᠢᠳᠠᠨ ᠨᠠᠢᠮᠠᠨ ᠨᠠᠰᠣᠳᠠᠢ ᠦᠬᠢᠨ ᠢᠶᠠᠨ ᠣᠷᠬᠢᠭᠠᠳ ᠶᠠᠪᠣᠭᠰᠠᠨ ᠢ ᠨᠢ | ᠶᠠᠷᠢᠬᠤ ᠪᠠᠨ ᠪᠠᠶᠢᠴᠢᠬᠠᠶ᠎ᠠ︕ ᠮᠠᠯ ᠳᠠᠷᠢᠶ᠎ᠠ ᠬᠤᠳᠠᠯᠳᠣᠭᠰᠠᠨ ᠪᠦᠬᠦ ᠮᠦᠡᠭᠬᠦ ᠠᠴᠠ ᠡᠬᠢᠯᠡᠭᠡᠳ ᠮᠠᠵᠢᠶᠠᠩ ᠮᠠᠨᠠᠭᠰᠠᠨ | ᠵᠣᠭᠤᠰ ᠬᠦᠷᠳᠡᠯ᠎ᠠ᠂ ᠨᠠᠩ ᠬᠤᠷᠣᠰᠣᠯᠳᠠᠢ ᠨᠢ ᠠᠪᠤ ᠶᠢᠨ ᠦᠯᠡᠳᠡᠭᠡᠭᠰᠡᠨ ᠬᠠᠰ ᠪᠣᠷᠬᠠᠨ ᠠᠴᠠ ᠡᠬᠢᠯᠡᠭᠡᠳ ︽ᠠᠯᠳᠠᠨ | ᠦᠭᠡᠷ︾ ᠺᠠᠷᠲ ᠲᠤ ᠬᠦᠷᠳᠡᠯ᠎ᠠ ᠪᠦᠷ ᠠᠪᠣᠭᠠᠳ ᠠᠷᠢᠯᠴᠢᠬᠠᠭᠰᠠᠨ᠃ ᠦᠭᠡᠢ᠂ ᠳᠠᠷᠠ᠂ ᠮᠠᠨ ᠤ ᠳᠠᠷᠠ ︽ᠠᠯᠳᠠᠠ | ᠦᠭᠡᠷ︾ ᠺᠠᠷᠲ ᠲᠤ ᠠᠯᠢ ᠴᠦ ᠵᠢᠯ ᠠᠮᠣ ᠪᠤᠳᠠᠭᠠᠨ ᠤ ᠨᠦᠬᠦᠪᠣᠷᠢ ᠠᠴᠠ ᠡᠪᠡᠰᠣ ᠪᠣᠷᠳᠣᠭᠠᠨ ᠤ ᠨᠦᠬᠦᠪᠣᠷᠢ | ᠬᠦᠷᠳᠠᠯ᠎ᠠ ᠭᠡᠳᠣᠨ ᠳᠦᠮᠨ ᠪᠠᠷ ᠣᠷᠣᠵᠣ ᠢᠷᠡᠳᠡᠭ ᠶᠣᠮ ᠰᠢᠣ᠃ ᠣᠳᠣ ᠬᠠᠷᠠᠯᠠᠵᠣ ᠬᠦᠢᠴᠡᠭᠰᠡᠨ᠃ ᠦᠬᠢᠨ ᠪᠢᠳᠠ | ᠬᠤᠶᠠᠷ ᠶᠠᠭᠤ ᠪᠠᠨ ᠢᠳᠠᠵᠣ ᠠᠮᠢᠳᠣᠷᠠᠬᠤ ᠪᠣᠢ︖ ᠠᠷᠠᠢ ᠵᠠᠷᠠᠭ᠎ᠠ ᠰᠢᠬ ᠬᠦᠯ ᠢᠶᠠᠨ ᠳᠣᠯᠢᠶᠠᠭᠠᠳ ᠯᠠ ᠡᠪᠣᠯ ᠢ | ᠦᠡᠭᠭᠡᠷᠡᠭᠡᠵᠣ ᠪᠣᠯᠬᠤ ᠦᠭᠡᠢ ᠪᠢᠵᠠ︖ ᠦᠭᠡᠢ᠂ ᠡᠨᠡ ᠦᠬᠦᠯ ᠳᠠᠭᠠᠷᠢᠭᠰᠠᠨ ᠦᠯᠦᠭᠴᠢᠨ᠂ ᠨᠣᠬᠠᠢ ᠰᠢᠬ | ᠠᠳᠣᠭᠤᠰᠦ᠂ ᠨᠣᠬᠠᠢ ᠠᠴᠠ ᠴᠠᠭᠠᠰᠢ ᠨᠣᠪᠰᠢ ᠁ ᠭᠡᠵᠤ ᠶᠠᠩᠰᠢᠨ ᠶᠠᠪᠰᠢᠵᠦ ᠭᠠᠷᠪᠠ᠃ | ᠭᠡᠷ ᠤᠨ ᠡᠵᠡᠨ ᠤ ᠭᠡᠴᠢᠨᠡᠭᠡᠨ ᠡᠳᠣᠷ ᠤᠨ ᠪᠤᠬᠢᠨᠢᠳᠤᠨ ᠳᠦᠭᠵᠢᠷᠡᠭᠰᠡᠨ ᠬᠢᠯᠢᠰᠳᠡᠯ ᠭᠤᠮᠣᠳᠠᠯ᠂ ᠠᠭᠤᠷ | ᠬᠤᠷᠣᠰᠣᠯ ᠢᠡᠭᠬᠢᠵᠣ ᠨᠢᠭᠡ ︽ᠴᠢᠬᠢ︾ ᠲᠠᠢ ᠭᠡᠳᠣᠨ ᠳᠣᠯᠣᠭᠠᠢ ᠬᠠᠷᠭᠤᠭᠰᠠᠨ ᠳᠣᠬᠢᠶᠠᠯ ᠢᠶᠠᠷ ᠪᠦᠬᠦᠨ ᠢᠶᠠᠷ ᠢᠶᠠᠨ | ᠳᠠᠯᠪᠠᠷᠠᠵᠣ ᠭᠠᠷᠴᠠᠢ᠃ | ᠳᠠᠷᠤᠭ᠎ᠠ ᠶᠢᠨ ᠪᠠᠶᠢᠷᠢ ᠲᠠᠢ ᠨᠢᠭᠡᠨ ᠴᠠᠭᠳᠠᠭ᠎ᠠ ᠡᠮᠦᠨᠠᠰᠢᠯᠠᠵᠣ ᠢᠷᠡᠭᠡᠳ ᠤᠶᠢᠷ᠎ᠠ ᠬᠠᠷᠠᠭᠠᠨ ᠰᠢᠯ ᠳᠤ ᠨᠢ | ᠨᠠᠭᠠᠯᠳᠣᠭᠰᠠᠨ ᠴᠠᠰᠣ ᠪᠠᠨ ᠬᠦᠡᠭᠭᠡᠭᠡᠨ ᠵᠦᠯᠬᠦᠬᠦ ᠶᠢᠨ ᠬᠠᠮᠳᠣ᠄ | — — ᠠᠪᠣᠭᠠᠢ ᠡ᠂ ᠪᠢᠳᠠ ᠭᠤᠷᠪᠠᠨ ᠰᠠᠷ᠎ᠠ ᠢᠯᠠᠬᠦᠦ ᠡᠷᠢᠵᠣ ᠰᠤᠷᠠᠭᠯᠠᠭᠠᠳ ᠭᠡᠷᠭᠡᠢ ᠶᠢᠨ ᠴᠢᠨᠢ | ᠪᠠᠷ᠎ᠠ ᠶᠢ ᠬᠠᠷᠠᠬᠤ ᠪᠠᠶᠢᠳᠣᠭᠠᠢ᠂ ᠰᠣᠷᠠᠭ ᠢ ᠨᠢ ᠴᠦ ᠣᠯᠵᠣ ᠲᠤᠭᠤᠯᠤᠭᠰᠠᠨ ᠦᠭᠡᠢ᠃ ᠦᠨᠦ ᠲᠠᠨ ᠤ ᠭᠡᠯᠡᠳᠡᠭ ︽ | ᠰᠢᠷ᠎ᠠ ᠭᠠᠶᠢᠬᠠᠯ︾ ᠢ ᠨᠢ ᠴᠦ ᠣᠯᠵᠣ ᠬᠠᠷᠬᠠᠰᠠᠨ ᠦᠭᠡᠢ᠃ ᠲᠡᠶᠢᠨ ᠬᠦ ᠭᠠᠴᠢᠭᠳᠠᠬᠤ ᠳᠤ ᠪᠠᠨ ᠳᠠᠨ ᠠᠴᠠ ᠦᠨ᠎ᠠ | ᠦᠷᠳᠡᠭ ᠲᠠᠢ ᠰᠦᠪᠡᠭᠴᠢ ᠣᠯᠬᠤ ᠪᠠᠷ ᠢᠷᠡᠵᠣ ᠶᠠᠪᠣᠭ᠎ᠠ ᠨᠢ ᠡᠨᠡ ᠰᠢᠣ︕ | — — ᠶᠠᠭᠤ︖ ᠨᠠᠳᠠ ᠠᠴᠠ ᠰᠦᠪᠡᠭᠴᠢ ᠡᠷᠢᠨ᠎ᠠ ᠭᠡᠨ᠎ᠠ ᠤᠤ︖ ᠲᠠ ᠨᠠᠷ ᠣᠯᠣᠰ ᠤᠨ ᠴᠠᠯᠢᠩ ᠢ | ᠳᠣᠰᠴᠣ ᠠᠷᠠᠳ ᠤᠨ ᠪᠣᠳᠠᠭ᠎ᠠ ᠶᠢ ᠢᠳᠡᠵᠣ ᠪᠠᠶᠢᠭᠠᠳ ᠨᠢᠭᠡ ᠡᠮ᠎ᠠ ᠬᠦᠮᠦᠨ ᠢ ᠴᠦ ᠡᠷᠢᠵᠣ ᠣᠯᠬᠤ ᠦᠭᠡᠢ᠂ ᠶᠠᠮᠠᠷ | ᠴᠠᠭᠳᠠᠭ᠎ᠠ᠂ ᠶᠠᠮᠠᠷ ᠠᠮᠣᠷ ᠢ ᠬᠠᠮᠠᠭᠠᠯᠠᠭᠴᠢ ᠭᠡᠵᠣ ᠭᠡᠯᠡᠬᠦ ᠪᠣᠢ︖ ᠲᠠ ᠨᠠᠷ ᠪᠦᠷ ᠴᠠᠭ ᠢ ᠦᠡᠭᠭᠡᠷᠡᠭᠡᠵᠣ | ᠴᠠᠯᠢᠩ ᠢᠶᠠᠨ ᠬᠠᠭᠤᠷᠣᠨ ᠳᠣᠰᠴᠣ ᠶᠠᠪᠣᠭ᠎ᠠ ᠰᠠᠷᠪᠠᠭ ᠮᠠᠯᠠᠭᠠᠢ ᠲᠠᠢ ᠮᠠᠨᠠᠭᠤᠯ ᠤᠳ ᠪᠠᠶᠢᠨ᠎ᠠ ᠁ ᠭᠡᠵᠣ ᠭᠡᠷ ᠤᠨ | ᠡᠵᠡᠨ ᠣᠷᠢᠯᠠᠵᠣ ᠡᠬᠢᠯᠠᠵᠠᠢ᠃ | ᠶᠠᠷᠰᠢᠭ ᠲᠠᠢ ᠣᠴᠢᠷ ᠤᠳ ᠢ ᠰᠢᠢᠳᠪᠣᠷᠢᠯᠠᠵᠣ᠂ ᠶᠠᠩᠵᠣ ᠶᠢᠨ ᠬᠦᠮᠦᠰ ᠲᠠᠢ ᠣᠴᠠᠷᠠᠭᠰᠠᠭᠠᠷ ᠬᠠᠰᠢᠷ ᠳᠣᠬᠢ | ᠰᠠᠭᠤᠭᠰᠠᠨ ᠴᠠᠭᠳᠠᠭᠠᠨ ᠳᠠᠷᠤᠭ᠎ᠠ ᠢᠨᠢᠶᠡᠮᠰᠦᠭᠯᠡᠭᠡᠭᠰᠡᠭᠡᠷ ᠢᠷᠠᠵᠣ ᠭᠡᠷ ᠤᠨ ᠡᠵᠡᠨ ᠤ ᠭᠠᠷ ᠠᠴᠠ ᠠᠳᠬᠤᠵᠣ᠄ | — — ᠠᠪᠣᠭᠠᠢ ᠲᠨ ᠪᠢᠳᠡᠭᠡᠢ ᠰᠠᠭᠭᠠᠵᠤ ᠠᠭᠤᠷᠯᠠ᠂ ᠪᠢᠳᠠ ᠴᠦ ᠠᠵᠢᠯ ᠣᠯᠠᠨ᠂ ᠬᠦᠮᠦᠨ | ᠬᠦᠳᠡᠯᠮᠣᠷᠢ ᠨᠢ ᠴᠦ ᠳᠣᠭᠠᠳᠠᠢ ᠣᠴᠢᠷ ᠠᠴᠠ ᠵᠠᠷᠢᠮ ᠶᠠᠪᠣᠳᠠᠯ ᠳᠤ ᠰᠠᠨᠠᠭ᠎ᠠ ᠪᠠᠶᠢᠭ᠎ᠠ ᠴᠦ ᠣᠨᠤᠭ᠎ᠠ ᠬᠦᠷᠬᠦ ᠦᠭᠡᠢ | ᠰᠠᠨᠳᠣᠷᠳᠠᠭ ᠰᠢᠣ᠃ ᠪᠢ ᠳᠠᠨ ᠤ ᠣᠳᠣ ᠶᠢᠨ ᠰᠡᠳᠬᠢᠯ ᠰᠠᠨᠠᠭᠠᠨ ᠤ ᠪᠠᠶᠢᠳᠠᠯ ᠢ ᠤᠶᠢᠯᠠᠭᠠᠨ᠎ᠠ᠃ ᠭᠡᠪᠡᠴᠣ ᠶᠠᠭᠠᠬᠢᠵᠣ | ᠠᠭᠤᠷᠯᠠᠵᠣ᠂ ᠶᠠᠭᠠᠬᠢᠵᠣ ᠬᠤᠷᠣᠰᠣᠭᠰᠠᠨ ᠴᠦ ᠠᠮᠢᠳᠣᠷᠠᠬᠤ ᠦᠭᠡᠢ ᠪᠠᠶᠢᠵᠤ ᠪᠣᠯᠣᠨ᠎ᠠ ᠤᠤ︖ ᠡᠳᠣᠷᠵᠢᠨ | ᠢᠡᠭᠬᠢᠵᠣ ᠠᠷᠢᠬᠢ ᠬᠦᠨᠳᠣᠷᠡᠭᠡᠳ᠂ ᠭᠡᠪᠳᠡᠷᠢ ᠳᠠᠷᠣᠭᠠᠳ ᠯᠠ ᠪᠠᠶᠢᠵᠦ ᠪᠣᠯᠬᠤ ᠦᠭᠡᠢ ᠪᠢᠵᠠ︖ ᠪᠢᠳᠠ ᠡᠷᠢᠵᠣ | ᠰᠣᠷᠠᠭᠯᠠᠵᠣ ᠦᠭᠴᠣ ᠪᠠᠶᠢᠨ᠎ᠠ ᠭᠡᠬᠦ ᠳᠤ ᠳᠠ ᠴᠦ ᠦᠪᠡᠷ ᠢᠶᠠᠨ ᠰᠣᠷᠬᠠᠯᠠᠨ ᠴᠢᠮᠡᠭᠡᠯᠡᠵᠦ ᠦᠵᠠᠨ᠎ᠠ ᠪᠢᠵᠠ ᠳ᠋ᠠ︖ | ᠡᠷ᠎ᠠ ᠡᠮ᠎ᠠ ᠶᠢᠨ ᠬᠤᠭᠤᠷᠣᠨᠳᠣ ᠶᠠᠮᠠᠷ ᠯᠠ ᠲᠠᠶᠢᠮᠤ ᠦᠰᠢᠶ᠎ᠠ ᠬᠤᠷᠣᠰᠣᠯ ᠭᠡᠵᠣ ᠪᠠᠶᠢᠬᠤ ᠪᠣᠢ︖ ᠠᠷᠭᠠᠯᠠᠵᠣ | ᠰᠣᠷᠠᠭᠯᠠᠵᠣ ᠪᠠᠶᠢᠨ ᠠᠪᠴᠢᠷᠠᠭᠠᠳ ᠠᠮᠢᠳᠣᠷᠠᠪᠠᠯ ᠪᠠᠰᠠ ᠡᠪᠯᠡᠬᠦᠯᠵᠦ ᠪᠣᠯᠣᠨ᠎ᠠ ᠰᠢᠳᠠ︕ ᠠᠯᠠᠨ᠎ᠠ ᠫᠣᠣᠳᠠᠨᠠ | ᠭᠡᠭᠴᠢ ᠶᠢ ᠶᠠᠮᠠᠷ ᠰᠢᠢᠳᠪᠣᠷᠢᠯᠠᠬᠦ ᠠᠷᠭ᠎ᠠ ᠬᠡᠵᠦ ᠭᠡᠯᠡᠬᠦ ᠶᠣᠮ ᠳ᠋ᠠ︖ ᠳᠠ ᠬᠤᠶᠠᠷ ᠦᠪᠠᠷ ᠤᠨ ᠪᠠᠶ᠎ᠠ ᠪᠠᠨ | ᠪᠣᠳᠣᠬᠤ ᠦᠭᠡᠢ ᠴᠦ ᠨᠠᠢᠮᠠᠨ ᠨᠠᠰᠣᠳᠠᠢ ᠨᠢᠯᠬ᠎ᠠ ᠭᠡᠦᠭᠡᠳ ᠢᠶᠠᠨ ᠪᠣᠳᠣᠬᠤ ᠦᠭᠡᠢ ᠤᠤ︖ ᠰᠣᠷᠭᠠᠭᠤᠯᠢ ᠳᠤ ᠨᠢ | ᠬᠦᠷᠭᠡᠭᠡ ᠦᠭᠡᠢ ᠭᠡᠳᠣᠨ ᠰᠠᠷ᠎ᠠ ᠪᠣᠯᠵᠣ ᠪᠠᠶᠢᠭ᠎ᠠ ᠪᠠᠨ ᠦᠪᠡᠷ ᠢᠶᠠᠨ ᠮᠠᠳᠠᠵᠣ ᠪᠠᠶᠢᠭ᠎ᠠ ᠪᠢᠵᠠ︖ ᠡᠨᠡ | ᠬᠤᠭᠤᠷᠣᠨᠳᠣ ᠨᠢ ᠪᠢᠳᠠ ᠴᠦ ᠰᠤᠷᠠᠭᠯᠠᠵᠤ ᠡᠷᠢᠵᠣ ᠪᠠᠶᠢᠶ᠎ᠠ᠂ ᠴᠢᠮᠡᠭᠡ ᠣᠯᠪᠠᠯ ᠯᠠᠪᠲᠠᠢ ᠬᠠᠮᠤᠭ ᠳᠠᠷᠢᠬᠦᠨ ᠳᠤ | ᠴᠢᠮ᠎ᠠ ᠳᠤ ᠳᠠᠮᠵᠢᠭᠤᠯᠬᠤ ᠶᠣᠮ ᠡ ᠁ ᠭᠡᠵᠣ ᠡᠪᠯᠡᠬᠦᠯᠵᠣ ᠢᠳᠬᠠᠵᠣ ᠭᠡᠯᠡᠭᠰᠡᠭᠡᠷ ᠭᠡᠷ ᠤᠨ ᠡᠵᠡᠨ ᠢ ᠴᠢᠷᠦᠬᠦᠯ | ᠱᠠᠬᠠᠢ ᠲᠠᠢ ᠨᠢ ᠬᠠᠮᠳᠣ ᠭᠡᠷ ᠲᠤ ᠨᠢ ᠳᠦᠡᠭᠭᠡᠵᠦ ᠣᠷᠣᠭᠤᠯᠣᠭᠠᠳ ᠲᠡᠳᠡ ᠨᠠᠷ ᠳᠡᠷᠭᠡᠨ ᠳᠤ ᠪᠠᠨ ᠪᠣᠰᠢᠭᠤ | ᠭᠠᠷᠴᠠᠭᠠᠪᠠ᠃ ᠳᠠᠷᠭᠤᠨ ᠵᠢᠯᠣᠭᠤᠴᠢ ᠴᠦ ᠳᠠᠪᠠ ᠮᠠᠭᠤᠳᠠᠢ ᠴᠢᠷᠠᠶᠢᠯᠠᠭᠰᠠᠭᠠᠷ᠄ | — — ᠴᠠᠢ ᠴᠦ ᠦᠭᠡᠢ᠂ ᠴᠢᠷᠠᠢ ᠴᠦ ᠦᠭᠡᠢ᠂ ᠳᠠᠭᠠᠳᠠᠢ ᠭᠡᠳᠣᠨ ᠦᠭᠡ ᠴᠦ ᠦᠭᠡᠢ ᠮᠦᠷᠳᠡᠭᠡᠨ | ᠭᠤᠢᠷᠠᠨᠴᠢ ᠰᠢᠬ ᠡᠪᠣᠯ ᠤᠨ ᠬᠦᠢᠳᠠᠨ ᠳᠤ ᠭᠤᠷᠦ᠋ᠢᠳᠠᠯᠠ ᠬᠦᠷᠢᠶᠠᠨ ᠳᠣᠮᠳᠠ ᠪᠠᠨ ᠭᠡᠳᠣᠨ ᠴᠠᠭ ᠵᠤᠭᠰᠤᠭᠠᠴᠢᠬᠠᠨᠠ | ᠭᠡᠳᠡᠭ ᠴᠢᠨᠢ᠂ ᠦᠯᠦᠭᠴᠢᠨ᠂ ᠦᠯᠦᠭᠴᠢᠨ ᠭᠡᠳ ᠯᠠ᠂ ᠦᠯᠦᠭᠴᠢᠨ ᠢ ᠨᠢ ᠪᠢᠳᠠ ᠲᠠᠰᠬᠠᠭᠠᠳ ᠠᠪᠴᠢᠬᠠᠭᠰᠠᠨ | ᠰᠢᠬ᠂ ᠠᠪᠣᠭᠰᠠᠨ ᠡᠮ᠎ᠠ ᠳᠤ ᠪᠠᠨ ᠴᠦ ᠵᠦᠪᠯᠡᠵᠣ ᠲᠡᠶᠢᠯᠬᠦ ᠦᠭᠡᠢ ᠪᠠᠶᠢᠭᠠᠳ ᠠᠷᠠᠳ ᠤᠨ ᠴᠠᠭᠳᠠᠭ᠎ᠠ ᠳᠤ | ᠠᠭᠠᠰᠢ ᠪᠠᠨ ᠭᠠᠷᠭᠠᠬᠤ ᠭᠡᠳᠡᠭ ᠴᠢᠨᠢ ᠶᠠᠮᠠᠷ ᠣᠰᠣᠨ ᠳᠠᠨᠡᠭ ᠠᠮᠢᠳᠠᠨ ᠪᠣᠢ︖ ᠪᠢᠳᠠ ᠵᠣᠷᠢᠭᠤᠳᠠ ︽ᠦᠯᠦᠭᠴᠢᠨ | ︾ ᠢ ᠴᠢᠨᠢ ᠡᠷᠢᠵᠣ ᠦᠭᠬᠦ ᠦᠭᠡᠢ᠃ ᠶᠠᠮᠠᠷ ᠲᠤ ᠪᠠᠨ ᠬᠦᠮᠦᠨ ᠠᠯᠠᠭᠰᠠᠨ ᠶᠠᠯᠠᠳᠠᠨ ᠪᠢᠰᠢ ᠳ᠋ᠠ︕ ᠦᠪᠠᠷ ᠤᠨ | ᠳᠣᠷᠠᠳᠠᠢ ᠳᠤ ᠪᠠᠨ ᠡᠷ᠎ᠠ ᠳᠠᠭᠤᠨ ᠶᠠᠪᠣᠭᠰᠠᠨ ᠢ ᠬᠠᠣᠯᠢ ᠴᠠᠭᠠᠵᠠ ᠴᠦ ᠭᠡᠳ ᠶᠠᠭᠠᠬᠢᠳᠠᠭ ᠪᠣᠢ︖ ᠭᠡᠨᠭ᠂ ᠴᠣᠬᠤᠮ | ᠨᠣᠬᠠᠢ ᠰᠢᠬ ᠠᠮᠢᠳᠠᠨ᠂ ᠨᠣᠬᠠᠢ ᠶᠢ ᠴᠦ ᠬᠦᠷᠬᠦ ᠦᠭᠡᠢ ᠠᠮᠢᠳᠠᠨ ᠁ ᠭᠡᠵᠣ ᠰᠠᠬᠦᠵᠢ ᠪᠠᠨ ᠳᠠᠮᠳᠠᠷᠢᠨ | ᠳᠣᠭᠤᠯᠳᠠᠨ ᠠᠯᠬᠤᠯᠠᠭᠰᠠᠭᠠᠷ ᠳᠡᠷᠭᠡᠨ ᠳᠤ ᠪᠠᠨ ᠭᠠᠷᠬᠤ ᠳᠤ ᠳᠡᠳᠡᠭᠡᠷ ᠭᠡᠳᠣᠨ ᠴᠠᠭᠳᠠᠭ᠎ᠠ ᠴᠦ ᠬᠤᠭᠤᠷᠦ | ᠬᠤᠭᠤᠷᠣᠨᠳᠣ ᠪᠠᠨ ᠡᠷᠡᠣ ᠳᠡᠯᠭᠡᠨ ᠠᠮᠠ ᠢᠷᠪᠠᠶᠢᠯᠭᠠᠵᠤ ᠭᠡᠵᠢᠶ᠎ᠠ ᠴᠦ ᠬᠠᠨᠳᠣᠬᠤ ᠦᠭᠡᠢ ᠭᠡᠰᠡᠨ ᠮᠠᠳᠣ ᠳᠡᠷᠭᠡᠨ | ᠡᠬᠦᠳᠠ ᠪᠠᠨ ︽ᠫᠠᠰ︾ ᠬᠢᠲᠡᠯ᠎ᠡ ᠬᠦᠴᠦᠳᠠᠢ ᠬᠠᠭᠠᠵᠣ ᠪᠢᠯᠠ᠃ | ᠬᠠᠯᠳᠠᠷ ᠯᠠ ᠬᠠᠵᠠᠭᠤ ᠳᠠᠯ᠎ᠠ ᠠᠴᠠ ᠲᠠ ᠨᠠᠷ ᠶᠠᠭᠤᠠ ᠳᠤ ᠮᠠᠭᠤ ᠪᠦᠬᠦᠨ ᠢ ᠪᠦᠷ ᠨᠣᠬᠠᠢ ᠲᠠᠢ ᠵᠦᠢᠷᠯᠠᠵᠣ | ᠬᠤᠯᠪᠣᠨ ᠬᠠᠷᠢᠶᠠᠳᠠᠭ ᠪᠣᠢ︖ ᠨᠣᠬᠠᠢ ᠴᠣᠬᠤᠮ ᠭᠡᠨ ᠳᠤ ᠨᠢ ᠣᠰᠣᠯᠳᠠᠵᠣ᠂ ᠶᠠᠮᠠᠷ ᠶᠠᠯ᠎ᠠ ᠬᠢᠭᠰᠡᠨ ᠪᠣᠢ︖ | ᠭᠡᠰᠡᠨ ᠳᠦᠯᠦᠪᠳᠡᠢ ᠰᠦᠷᠡᠭᠡᠢ ᠬᠤᠷᠭᠤᠭᠠᠨ ᠬᠤᠴᠠᠵᠣ ᠭᠠᠷᠣᠭᠰᠠᠨ ᠢ ᠨᠢ ᠲᠠᠳᠠ ᠶᠠᠭᠤ ᠴᠦ ᠪᠤᠯᠭᠠᠯ ᠦᠭᠡᠢ ᠴᠠᠰᠣ | ᠪᠤᠲᠠᠷᠠᠭᠠᠨ ᠴᠠᠭᠠᠰᠢ ᠳᠠᠪᠬᠢᠭᠤᠯᠵᠤ ᠬᠤᠯᠠᠳᠠᠵᠠᠢ᠃ | ᠴᠠᠰᠣ ᠪᠠᠰᠠ ᠯᠠ ᠬᠠᠶᠠᠯᠠᠭᠰᠠᠭᠠᠷ᠃ ᠤᠶᠢᠷ᠎ᠠ ᠬᠠᠪᠢ ᠶᠢᠨ ᠶᠠᠭᠤ ᠪᠦᠬᠦᠨ ᠪᠦᠷ ᠮᠦᠰᠦᠨ ᠴᠠᠭᠠᠨ ᠪᠣᠯᠣᠨ | ᠬᠤᠴᠢᠭᠳᠠᠵᠠᠢ᠃ ᠰᠠᠯᠬᠢ ᠮᠦᠨ ᠰᠢᠷᠦᠬᠦᠰᠦᠭᠰᠡᠭᠡᠷ ᠪᠠᠶᠢᠪᠠ᠃ | ᠬᠢᠯᠠᠭᠠᠷ ᠴᠠᠭᠠᠨ ᠡᠬᠦᠳᠠ ︽ᠳᠦᠷ︾ ᠬᠢᠨ ᠨᠡᠭᠡᠭᠡᠭᠳᠡᠵᠣ ᠪᠢᠴᠢᠬᠠᠨ ᠡᠵᠡᠨ ᠨᠢ ᠰᠦᠷ ᠮᠠᠭᠤᠳᠠᠢ ᠭᠠᠷᠴᠣ | ᠢᠷᠡᠪᠡ᠃ ᠭᠠᠷ ᠲᠤ ᠪᠠᠨ ᠱᠠᠭᠠᠵᠠᠩ ᠠᠶᠠᠭ᠎ᠠ ᠪᠠᠷᠢᠵᠣ ᠭᠡᠦᠭᠡᠳ ᠤᠨ ᠰᠢᠩᠭᠡᠨ ᠬᠤᠭᠤᠯᠠᠢ ᠪᠠᠷ ᠰᠦᠷᠡᠭᠡᠢ ᠭᠡᠭᠴᠢ | ᠬᠠᠨᠢᠶᠠᠯᠭᠠᠵᠣ ᠪᠠᠶᠢᠭᠰᠠᠨ ᠴᠦ ᠬᠠᠯᠳᠠᠷ ᠤᠨ ᠬᠠᠪᠢ ᠳᠤ ᠢᠷᠡᠭᠡᠳ ᠪᠢᠴᠢᠬᠠᠨ ᠭᠠᠷ ᠢᠶᠠᠷ ᠢᠶᠠᠨ ᠬᠦᠨ ᠴᠠᠰᠣᠨ ᠠᠴᠠ | ᠡᠷᠢᠵᠣ ᠮᠠᠯᠳᠠᠭᠰᠠᠭᠠᠷ ᠪᠠᠶᠢᠵᠦ ᠬᠤᠭᠤᠯᠠᠨ ᠰᠠᠪᠠ ᠶᠢ ᠨᠢ ᠠᠷᠠᠢ ᠭᠡᠵᠣ ᠣᠯᠵᠣ ᠠᠪᠣᠭᠠᠳ ᠬᠤᠷᠠᠭᠰᠠᠨ ᠴᠠᠰᠣ ᠶᠢ ᠨᠢ | ᠬᠦᠪᠢᠵᠣ ᠣᠷᠬᠢᠭᠠᠳ ᠱᠠᠭᠠᠵᠠᠩ ᠠᠶᠠᠭ᠎ᠠ ᠲᠠᠢ ᠪᠠᠨ ᠭᠡᠴᠢᠶᠡᠮᠵᠢᠳᠠᠢ ᠭᠡᠭᠴᠢ ᠴᠢᠳᠬᠤᠵᠣ ᠦᠭᠪᠠ᠃ | ᠬᠠᠯᠳᠠᠷ ᠤᠶᠢᠷᠠᠳᠴᠤ ᠣᠴᠢᠭᠠᠳ ᠬᠠᠷ᠎ᠠ ᠬᠤᠰᠢᠭᠤ ᠪᠠᠨ ᠳᠦᠷᠢᠵᠣ ᠦᠨᠦᠷᠯᠠᠵᠣ ᠦᠵᠠᠪᠠᠯ ᠪᠠᠰᠠ ᠯᠠ ᠦᠨᠦ | ᠭᠤᠸᠠᠮᠢᠶᠠᠨ ᠤ ᠱᠦᠯᠦ ᠪᠠᠶᠢᠯ᠎ᠠ᠃ | ᠪᠢᠴᠢᠬᠠᠨ ᠡᠵᠡᠨ ᠨᠢ ᠪᠠᠶᠢᠳᠤᠭᠠᠢ ᠬᠠᠯᠳᠠᠷ ᠴᠦ ᠣᠳᠣ ᠭᠤᠸᠠᠮᠢᠶᠠᠨ ᠤ ᠱᠦᠯᠦ ᠶᠢ ᠦᠨᠦᠷᠳᠦᠬᠦ ᠠᠴᠠ ᠳᠣᠷ᠎ᠠ | ᠪᠣᠯᠬᠢᠮᠠᠷ ᠪᠣᠯᠴᠢᠬᠠᠭᠰᠠᠨ ᠢ ᠶᠠᠭᠠᠬᠢᠶ᠎ᠠ︕ | ᠭᠡᠪᠡᠴᠣ ᠭᠡᠳᠣᠨ ᠡᠳᠣᠷ ᠬᠤᠭᠤᠯᠠ ᠦᠭᠡᠢ ᠶᠠᠪᠣᠭᠰᠠᠨ ᠬᠠᠯᠳᠠᠷ ᠲᠤ ᠠᠷᠠᠢ ᠴᠢᠮᠠᠯᠠᠭᠳᠠᠮᠠᠷ ᠦᠭᠡᠢ ᠪᠣᠯᠬᠤᠷ | ᠨᠠᠷᠢᠨ ᠣᠯᠠᠭᠠᠨ ᠭᠡᠯᠡ ᠪᠠᠨ ᠰᠣᠨᠣᠯᠵᠠᠭᠤᠯᠣᠨ ᠬᠤᠪᠳᠤᠭ ᠭᠡᠭᠴᠢ ᠢᠳᠡᠵᠣ ᠡᠬᠢᠯᠠᠵᠠᠢ᠃ | ᠪᠢᠴᠢᠬᠠᠨ ᠡᠵᠡᠨ ᠨᠢ ᠬᠠᠯᠳᠠᠷ ᠤᠨ ᠳᠣᠯᠣᠭᠠᠢ ᠶᠢ ᠨᠢᠷᠠᠢ ᠵᠦᠭᠡᠯᠡᠨ ᠭᠠᠷ ᠢᠶᠠᠷ ᠢᠶᠠᠨ ᠬᠦᠡᠭᠭᠡᠨ ᠢᠯᠢᠭᠰᠡᠭᠡᠷ᠄ ︽ | ᠬᠠᠯᠳᠠᠷ ᠡ᠂ ᠮᠢᠨᠣ ᠬᠠᠢᠷᠠᠳᠠᠢ ᠬᠠᠯᠳᠠᠷ ᠮᠢᠨᠢ᠂ ᠣᠳᠣ ᠪᠢ ᠴᠢᠮ᠎ᠠ ᠠᠴᠠ ᠦᠭᠡᠷ᠎ᠠ ᠶᠠᠮᠠᠷ ᠴᠦ ᠨᠠᠶᠢᠵᠠ ᠦᠭᠡᠢ | ᠪᠣᠯᠣᠭᠰᠠᠨ᠃ ᠡᠵᠢ ᠨᠠᠮ᠎ᠠ ᠶᠢ ᠣᠷᠬᠢᠭᠠᠳ ᠬᠤᠯᠠ ᠶᠠᠪᠣᠭᠰᠠᠨ᠂ ᠠᠪᠤ ᠡᠳᠣᠷᠵᠢᠨ ᠠᠷᠢᠬᠢ ᠣᠣᠭᠤᠵᠣ ᠭᠡᠪᠳᠡᠷᠢ | ᠳᠠᠷᠣᠭᠠᠳ ᠪᠣᠰᠬᠤ ᠪᠠᠨ ᠪᠣᠯᠢᠭᠰᠠᠨ᠃ ᠨᠠᠳᠠ ᠳᠤ ᠬᠤᠭᠤᠯᠠ ᠴᠦ ᠬᠢᠵᠣ ᠦᠭᠬᠦ ᠪᠠᠨ ᠪᠣᠯᠢᠭᠰᠠᠨ ᠮᠦᠷᠳᠡᠭᠡᠨ | ᠨᠠᠮ᠎ᠠ ᠶᠢ ᠦᠬᠢᠨ ᠬᠦᠮᠦᠨ ᠡᠭᠡ ᠪᠠᠨ ᠳᠠᠭᠤᠷᠢᠶᠠᠨ᠎ᠠ ᠭᠡᠵᠣ ᠬᠤᠵᠢᠮ ᠪᠠᠰᠠ ᠯᠠ ᠡᠵᠢ ᠳᠤ ᠪᠠᠨ ᠠᠳᠠᠯᠢ ᠬᠦᠮᠦᠨ | ᠴᠢᠨᠠᠷ ᠡᠯᠪᠡᠷᠢᠯ ᠵᠢᠷᠣᠮ ᠦᠭᠡᠢ ᠠᠮᠢᠳᠠᠨ ᠪᠣᠯᠣᠨ᠎ᠠ ᠭᠡᠵᠣ ᠵᠠᠩᠨᠠᠳᠠᠭ᠃ ᠬᠠᠯᠳᠠᠷ ᠡ᠂ ᠣᠳᠣ ᠨᠠᠮ᠎ᠠ ᠶᠢ ᠨᠢᠭᠡ ᠴᠦ | ᠰᠠᠨᠠᠬᠤ ᠬᠦᠮᠦᠨ ᠦᠭᠡᠢ ᠪᠣᠯᠣᠭᠰᠠᠨ᠃ ᠴᠢ ᠪᠣᠯ ᠮᠢᠨᠣ ᠬᠠᠮᠤᠭ ᠰᠠᠶᠢᠨ ᠨᠠᠶᠢᠵᠠ᠂ ᠪᠢ ᠴᠢᠮ᠎ᠠ ᠠᠴᠠ ᠰᠠᠯᠬᠤ ᠳᠣᠷ᠎ᠠ | ᠦᠭᠡᠢ᠃ ᠭᠡᠪᠡᠴᠣ ᠪᠢ ᠴᠦ ᠦᠪᠠᠷ ᠤᠨ ᠪᠠᠶ᠎ᠠ ᠪᠠᠨ ᠬᠠᠮᠢᠶᠠᠷᠴᠣ ᠳᠠᠶᠢᠯᠬᠦ ᠦᠭᠡᠢ ᠪᠣᠯᠣᠭᠰᠠᠨ ᠪᠣᠯᠬᠤᠷ ᠨᠠᠩ | ᠴᠢᠮ᠎ᠠ ᠶᠢ ᠬᠠᠮᠢᠶᠠᠷᠬᠤ ᠳᠠᠩᠭᠡᠭᠡ ᠨᠠᠳᠠ ᠳᠤ ᠦᠭᠡᠢ ᠪᠣᠯᠣᠭᠰᠠᠨ᠃ ᠬᠠᠯᠳᠠᠷ ᠡ︕ ᠬᠠᠮᠤᠭ ᠰᠠᠬᠦᠯᠴᠢ ᠶᠢᠨ ᠡᠨᠡ | ᠠᠶᠠᠭ᠎ᠠ ᠱᠦᠯᠦ ᠲᠠᠢ ᠬᠤᠭᠤᠯᠠ ᠪᠠᠨ ᠢᠳᠡᠵᠣ ᠪᠠᠷᠠᠪᠠᠯ ᠴᠢ ᠦᠪᠠᠷ ᠤᠨ ᠳᠣᠷᠠᠳᠠᠢ ᠭᠠᠵᠠᠷ ᠲᠤ ᠪᠠᠨ ᠣᠴᠢᠵᠣ | ᠦᠪᠡᠷ ᠢᠶᠠᠨ ᠢᠳᠡᠰᠢ ᠡᠷᠢᠵᠣ ᠶᠠᠪᠣᠭᠠᠷᠠᠢ︕ ᠠᠳᠠ ᠪᠠᠶᠢᠪᠠᠯ ᠴᠢ ᠪᠢᠳᠠ ᠬᠤᠶᠠᠭᠤᠯᠠ ᠪᠠᠨ ᠪᠦᠷ ᠬᠦᠯᠳᠡᠵᠣ | ᠦᠬᠦᠬᠦ ᠦᠭᠡᠢ ᠴᠦ ᠦᠯᠪᠠᠷᠴᠣ ᠥᠬᠦᠵᠦ ᠮᠠᠳᠠᠨ᠎ᠠ ᠁︾ ᠭᠡᠵᠣ ᠪᠢᠴᠢᠬᠠᠨ ᠡᠵᠡᠨ ᠨᠢ ᠡᠷᠢᠶᠡᠡᠲᠦᠭᠰᠡᠨ | ᠬᠤᠭᠤᠯᠠᠢ ᠪᠠᠷ ᠳᠦᠳᠦᠨᠡᠭᠰᠡᠭᠡᠷ ᠬᠠᠯᠳᠠᠷ ᠤᠨ ᠬᠦᠵᠦᠬᠦᠨ ᠳᠤ ᠬᠢ ᠳᠠᠮᠣᠷ ᠬᠢᠨᠵᠢ ᠶᠢᠨ ᠳᠠᠪᠡᠭᠡ ᠶᠢ ᠴᠡᠴᠡᠷᠬᠢᠯᠡᠭᠰᠡᠨ | ᠪᠢᠴᠢᠬᠠᠨ ᠭᠠᠷ ᠢᠶᠠᠷ ᠢᠶᠠᠨ ᠬᠦᠡᠭᠭᠡᠨ ᠰᠣᠯᠠᠯᠠᠵᠣ ᠭᠠᠵᠠᠷ ᠬᠠᠶᠠᠵᠠᠢ᠃ | ︽ᠬᠠᠨᠭ᠍ᠬᠢᠷ︾ ᠭᠡᠵᠣ ᠬᠦᠢᠳᠠᠨ ᠳᠠᠮᠣᠷ ᠬᠢᠨᠵᠢ ᠬᠦᠯᠳᠡᠬᠦᠦ ᠭᠠᠵᠠᠷ ᠪᠠᠭᠤᠪᠠ᠃ | ᠬᠠᠯᠳᠠᠷ ᠬᠤᠭᠤᠯᠠ ᠪᠠᠨ ᠢᠳᠡᠬᠦ ᠪᠠᠨ ᠳᠦᠷ ᠵᠣᠭᠰᠣᠵᠣ ᠪᠢᠴᠢᠬᠠᠨ ᠡᠵᠡᠨ ᠢᠶᠠᠨ ᠱᠤᠬᠤᠭᠤᠷᠬᠠᠨ ᠰᠢᠷᠳᠠᠨ᠎ᠠ᠃ | ᠬᠡᠴᠢᠨᠡᠭᠡᠨ ᠵᠢᠯ ᠭᠡᠴᠢᠨᠡᠭᠡᠨ ᠰᠠᠷ᠎ᠠ ᠵᠡᠬᠦᠯᠭᠡᠭᠰᠡᠨ ᠳᠠᠮᠣᠷ ᠬᠢᠨᠵᠢ ᠶᠢ ᠨᠢ ᠲᠡᠭᠡᠵᠦ ᠨᠢᠭᠡ ᠠᠯᠳᠠᠷᠠᠭᠠᠭᠰᠠᠨ ᠳᠤ ᠨᠢ | ᠭᠠᠶᠢᠬᠠᠭᠰᠠᠨ ᠤ ᠬᠢ ᠤᠤ︖ ᠡᠰᠡᠬᠦᠯ᠎ᠠ ᠪᠢᠴᠢᠬᠠᠨ ᠡᠵᠡᠨ ᠤ ᠪᠠᠨ ᠦᠭᠡ ᠶᠢ ᠦᠨᠡᠭᠡᠷ ᠤᠶᠢᠯᠭᠠᠭᠰᠠᠨ ᠴᠦ ᠪᠤᠯᠪᠠ | ᠤᠤ︖ | ᠬᠠᠯᠳᠠᠷ ᠤᠨ ᠬᠠᠷᠠᠴᠠ ᠶᠠᠷᠣ ᠪᠣᠰᠣ ᠶᠢᠨ ᠳᠦᠯᠭᠡᠨ ᠵᠦᠭᠡᠯᠡᠨ ᠢᠶᠠᠷ ᠪᠢᠴᠢᠬᠠᠨ ᠡᠵᠡᠨ ᠤ ᠪᠠᠨ ᠨᠢᠯᠪᠣᠰᠣᠳᠠᠢ | ᠨᠢᠳᠣ ᠶᠢ ᠡᠭᠴᠡᠯᠡᠨ ᠰᠢᠷᠳᠠᠵᠣ ᠬᠦᠳᠠᠯᠣᠯ ᠦᠭᠡᠢ ᠣᠷᠣᠨ ᠳᠤ ᠪᠠᠨ ᠬᠦᠯᠢᠷᠠᠵᠠᠢ᠃ | ᠪᠢᠴᠢᠬᠠᠨ ᠡᠵᠡᠨ ᠨᠢ ᠬᠠᠯᠳᠠᠷ ᠤᠨ ᠬᠦᠵᠦᠬᠦᠨ ᠠᠴᠠ ᠡᠵᠢ ᠶᠢᠨ ᠢᠶᠠᠨ ᠡᠯᠢᠭᠡᠨ ᠳᠤ ᠨᠢ ᠨᠠᠭᠠᠯᠳᠣᠵᠣ᠂ | ᠭᠤᠮᠣᠳᠠᠯ ᠢᠶᠠᠨ ᠳᠣᠭᠠᠴᠢᠳᠠᠭ ᠬᠡᠣᠭᠡᠳ ᠰᠢᠭ ᠨᠠᠯᠠᠨ ᠳᠠᠪᠠᠷᠢᠵᠣ ᠮᠡᠭᠰᠢᠨ ᠣᠬᠢᠯᠬᠠᠦ ᠳᠤ ᠬᠠᠯᠳᠠᠷ ᠴᠦ᠄ ︽ | ᠨᠠᠶᠢᠵᠠ ᠮᠢᠨᠢ ᠡᠨᠡ ᠶᠢᠷᠳᠢᠨᠴᠣ ᠳᠤ ᠭᠡᠨ ᠴᠦ ᠴᠢᠮ᠎ᠠ ᠶᠢ ᠰᠠᠨᠠᠬᠤ ᠦᠭᠡᠢ ᠬᠠᠷᠠᠬᠤ ᠦᠭᠡᠢ ᠪᠣᠯᠣᠭᠰᠠᠨ ᠴᠦ ᠪᠢ | ᠯᠠᠪᠳᠠᠢ ᠴᠢᠮ᠎ᠠ ᠶᠢ ᠬᠠᠶᠠᠵᠣ ᠶᠠᠪᠣᠬᠤ ᠦᠭᠡᠢ᠃ ᠡᠵᠡᠨ ᠨᠢ ᠭᠤᠶᠢᠷᠠᠨᠴᠢ ᠪᠣᠯᠣᠭᠰᠠᠨ ᠴᠦ ᠪᠣᠰᠣᠳ ᠤᠨ ᠡᠬᠦᠳᠠ ᠶᠢ | ᠰᠠᠬᠢᠳᠠᠭ ᠦᠭᠡᠢ ᠨᠢ ᠮᠠᠨ ᠤ ᠪᠠᠷᠢᠮᠳᠠᠯᠠᠳᠠᠭ ᠣᠳᠣᠮᠰᠢᠯ ᠰᠢᠣ᠃ ᠪᠢᠴᠢᠬᠠᠨ ᠡᠵᠡᠨ ᠮᠢᠨᠢ ᠰᠠᠨᠠᠭ᠎ᠠ ᠠᠮᠣᠷ ᠪᠠᠶᠢᠭᠠᠴᠢ᠂ | ᠪᠢ ᠦᠯᠪᠡᠷᠴᠣ ᠦᠬᠦᠭᠰᠡᠨ ᠴᠦ ᠡᠬᠦᠳᠠᠨ ᠳᠤ ᠪᠠᠨ ᠦᠬᠦᠨ᠎ᠠ᠂ ᠡᠮᠦᠨ᠎ᠠ ᠴᠢᠨᠢ ᠢᠷᠡᠵᠣ ᠬᠠᠯᠬᠠᠪᠴᠢ ᠪᠣᠯᠵᠣ | ᠭᠡᠪᠳᠡᠨ᠎ᠠ︾ ᠭᠡᠰᠡᠨ ᠰᠢᠭ ᠬᠠᠷ᠎ᠠ ᠬᠤᠰᠢᠭᠤ ᠪᠠᠨ ᠰᠣᠩᠭᠠᠨ ᠪᠢᠴᠢᠬᠠᠨ ᠡᠵᠡᠨ ᠤ ᠪᠠᠨ ᠨᠢᠯᠪᠣᠰᠣ ᠣᠷᠣᠮᠯᠠᠭᠰᠠᠨ | ᠬᠦᠢᠳᠠᠨ ᠬᠠᠴᠠᠷ ᠢ ᠨᠢ ᠠᠶᠠᠷᠬᠠᠨ ᠦᠨᠦᠷᠯᠠᠨᠠ᠃ | ︵ᠸᠠᠩ ᠡᠷᠳᠡᠮᠳᠣ︶ | | |