ᠡᠩᠭᠡ ᠲᠠᠶᠢᠪᠤᠡᠭ ᠢ ᠬᠠᠶᠢᠷᠠᠯᠨ | ᠬᠦᠮᠦᠰ ᠡ | ᠡᠩᠭᠡ ᠲᠠᠶᠢᠪᠤᠡᠭ ᠢ ᠬᠠᠶᠢᠷᠠᠯᠨ︕ | ᠡᠷᠭᠡ ᠴᠢᠯᠦᠭᠡᠨ ᠤ ᠠᠭᠠᠷ | ᠠᠵᠨ ᠵᠢᠷᠭᠠᠯ ᠤᠨ ᠴᠡᠴᠡᠭᠡᠰ | ᠰᠠᠶᠢᠨ ᠰᠠᠶᠢᠬᠠᠨ ᠤ ᠭᠡᠷᠡᠯ ᠭᠡᠭᠡ ᠁ | ᠡᠨᠡ ᠪᠦᠬᠦᠨ ᠪᠦᠷ | ᠡᠩᠭᠡ ᠲᠠᠶᠢᠪᠤᠡᠭ ᠠᠴᠠ ᠲᠦᠷᠦᠳᠡᠭ ᠢ ᠰᠠᠨᠠ︕ | ᠳᠠᠯᠠᠨ ᠵᠢᠯ ᠤᠨ ᠡᠮᠦᠨ᠎ᠡ | ᠳᠡᠯᠡᠬᠡᠢ ᠶᠢᠨ ᠬᠤᠶᠠᠳᠤᠭᠠᠷ ᠳᠠᠶᠢᠨ ᠤ | ᠬᠠᠷ᠎ᠠ ᠲᠠᠷᠤᠭᠰᠠᠨ ᠪᠠᠷᠠᠭᠠᠨ ᠵᠡᠬᠦᠳᠦ ᠶᠢ ᠴᠡᠭᠡᠵᠢᠯᠡᠵᠦ ᠪᠠᠶᠢᠨ᠎ᠠ ᠤᠤ︖ | ᠦᠯᠦᠨ ᠰᠢᠨᠤᠯ ᠳᠡᠪᠡᠷᠡᠨ | ᠦᠨᠡᠨ ᠬᠤᠳᠠᠯ ᠲᠤᠩᠭᠤᠷᠴᠤ | ᠦᠢ ᠲᠦᠮᠡᠨ ᠨᠤᠮᠤᠬᠠᠨ ᠠᠷᠠᠳ ᠤᠨ ᠬᠦᠷᠠᠩ ᠤᠯᠠᠭᠠᠨ ᠴᠢᠰᠦ | ᠦᠷᠦᠨ᠎ᠡ ᠳᠤᠷᠤᠨ᠎ᠠ ᠪᠠᠷ ᠦᠶᠡᠷᠯᠡᠬᠦ ᠳᠤ | ᠡᠵᠡᠷᠬᠡᠭ ᠪᠠᠯᠠᠮᠠᠳ ᠹᠠᠱᠢᠰ ᠤᠨ | ᠳᠦᠷᠢᠮᠡᠬᠡᠢ ᠳᠠᠷᠤᠯᠠᠯ ᠤᠨ ᠦᠭᠡᠳᠡ | ᠡᠯ᠎ᠡ ᠤᠯᠤᠰ ᠤᠨ ᠠᠷᠠᠳ ᠲᠦᠮᠡᠨ | ᠳᠦᠷᠢᠰᠬᠢᠨ ᠪᠤᠰᠤᠯᠴᠠᠭᠰᠠᠨ ᠶᠤᠮ᠃ | ᠨᠤᠮᠤᠬᠠᠨ ᠳᠠᠯᠠᠢ | ᠨᠤᠮᠤᠬᠠᠨ ᠪᠠᠶᠢᠵᠤ ᠴᠢᠳᠠᠭ᠎ᠠ ᠦᠭᠡᠢ | ᠭᠠᠯ ᠪᠤᠯᠵᠤ ᠨᠤᠴᠤᠭᠰᠠᠨ ᠶᠤᠮ᠂ | ᠨᠤᠮᠤᠨ ᠬᠠᠨ | ᠳᠤᠭᠤᠢ ᠪᠠᠶᠢᠵᠤ ᠴᠢᠳᠠᠭ᠎ᠠ ᠦᠭᠡᠢ | ᠳᠠᠷᠢ ᠪᠤᠯᠵᠤ ᠲᠡᠰᠡᠷᠡᠭᠰᠡᠨ ᠶᠤᠮ᠂ | ᠦᠷᠦ ᠵᠦᠭᠡᠯᠡᠨ | ᠡᠭᠡ ᠬᠦᠮᠦᠨ ᠴᠤ | ᠡᠩᠬᠦᠷᠡᠢ ᠦᠷ᠎ᠡ ᠪᠠᠨ ᠳᠠᠶᠢᠨ ᠤ ᠲᠡᠯᠡᠪᠤᠷ ᠲᠤ ᠰᠤᠮᠤ ᠪᠤᠯᠭᠠᠨ ᠬᠦᠷᠭᠡᠭᠰᠡᠨ ᠶᠤᠮ᠂ | ᠠᠷᠢᠭᠤᠨ ᠴᠢᠰᠤ | ᠠᠯᠲᠠᠨ ᠠᠮᠢ ᠪᠠᠷ ᠢᠶᠠᠨ ᠲᠡᠳᠡ | ᠦᠨᠡᠨ ᠶᠤᠰᠤ ᠶᠢ ᠴᠢᠯᠦᠭᠡᠯᠡᠭᠰᠡᠨ ᠶᠤᠮ᠃ | ᠡᠩᠭᠡ ᠲᠠᠶᠢᠪᠤᠡᠭ ᠤᠨ ᠲᠦᠯᠦᠭᠡ | ᠠᠮᠢ ᠪᠠᠨ ᠡᠷᠬᠦᠭᠰᠡᠨ ᠬᠦᠮᠦᠰ | ᠬᠦᠮᠦᠨ ᠠᠷᠠᠳ ᠤᠨ ᠢᠶᠠᠨ ᠰᠡᠳᠬᠢᠯ ᠳᠤ | ᠬᠦᠰᠢᠶ᠎ᠡ ᠪᠤᠯᠤᠨ ᠮᠦᠡᠭᠭᠡᠷᠡᠭᠰᠡᠨ ᠶᠤᠮ᠂ | ᠦᠯᠦᠨ ᠰᠢᠨᠤᠯ ᠤᠨ ᠲᠦᠯᠦᠭᠡ | ᠨᠢᠬᠦᠯ ᠦᠢᠯᠡᠳᠦᠭᠰᠡᠨ ᠰᠦᠨᠡᠰᠦ | ᠰᠢᠳᠤᠷᠭᠤ ᠶᠤᠰᠤᠨ ᠤ ᠱᠤᠷᠤᠩ ᠳᠤ | ᠬᠠᠲᠠᠭᠠᠰᠤ ᠪᠤᠯᠤᠨ ᠬᠤᠴᠤᠷᠤᠭᠰᠠᠨ ᠶᠤᠮ᠃ | ᠭᠠᠵᠢ ᠪᠤᠷᠤᠭᠤ | ᠦᠨᠡᠨ ᠶᠤᠰᠤᠨ ᠤ ᠨᠠᠷᠨ ᠶᠢ ᠪᠤᠭᠤᠮᠢᠯᠠᠭᠰᠠᠨ | ᠭᠠᠰᠢᠭᠤᠨ ᠬᠠᠷᠠᠩᠭᠤᠢ ᠴᠠᠭ ᠲᠤ | ᠭᠠᠯᠳᠤ ᠳᠠᠯᠠᠢ ᠳᠤ ᠤᠷᠤᠬᠤ ᠠᠴᠠ ᠪᠤᠴᠠᠮᠠᠷ ᠦᠭᠡᠢ | ᠡᠭᠡᠯ ᠠᠭᠠᠳ ᠰᠢᠳᠤᠷᠭᠤ ᠠᠷᠠᠳ ᠲᠦᠮᠡᠨ | ᠦᠪᠡᠷᠰᠡᠳ ᠤᠨ ᠢᠶᠠᠨ ᠠᠷᠢᠭᠤᠨ ᠠᠮᠢ ᠪᠠᠷ | ᠡᠩᠭᠡ ᠲᠠᠶᠢᠪᠤᠡᠭ ᠢ ᠰᠤᠯᠢᠭᠰᠠᠨ ᠶᠤᠮ᠃ | ᠬᠦᠮᠦᠰ ᠡ | ᠡᠩᠭᠡ ᠲᠠᠶᠢᠪᠤᠡᠭ ᠢ ᠬᠠᠶᠢᠷᠠᠯᠨ︕ | ᠡᠷᠭᠡ ᠴᠢᠯᠦᠭᠡᠨ ᠤ ᠠᠭᠠᠷ | ᠠᠵᠨ ᠵᠢᠷᠭᠠᠯ ᠤᠨ ᠴᠡᠴᠡᠭᠡᠰ | ᠰᠠᠶᠢᠨ ᠰᠠᠶᠢᠬᠠᠨ ᠤ ᠭᠡᠷᠡᠯ ᠭᠡᠭᠡ ᠁ | ᠡᠨᠡ ᠪᠦᠬᠦᠨ ᠪᠦᠷ | ᠡᠩᠭᠡ ᠲᠠᠶᠢᠪᠤᠡᠭ ᠠᠴᠠ ᠲᠦᠷᠦᠳᠡᠭ ᠢ ᠰᠠᠨᠠ︕ | ᠮᠦᠷᠦᠭᠡᠳᠦᠯ | ᠨᠠᠰᠤ ᠮᠢᠨᠢ ᠨᠠᠮ᠎ᠠ ᠶᠢ ᠬᠦᠲᠦᠯᠦᠭᠡᠳ | ᠨᠠᠮᠤᠷ ᠵᠦᠭ ᠲᠤ ᠪᠠᠨ ᠲᠦᠬᠦᠵᠦ ᠪᠠᠶᠢᠨ᠎ᠠ | ᠪᠢ | ᠨᠠᠮᠤᠭᠤᠬᠠᠨ ᠴᠡᠩᠭᠡᠷ ᠮᠦᠷᠦᠭᠡᠳᠦᠯ ᠢᠶᠠᠨ ᠳᠠᠭᠠᠵᠤ | ᠴᠠᠬᠢᠷᠮ᠎ᠠ ᠳᠡᠯᠭᠡᠷᠡᠭᠰᠡᠨ ᠤᠯᠠᠷᠢᠯ ᠳᠤ ᠪᠤᠴᠠᠬᠤ ᠳᠤ | ᠨᠠᠳᠠ ᠠᠴᠠ ᠦᠭᠡᠷ᠎ᠡ ᠭᠡᠨ ᠴᠤ ᠬᠦᠷᠦᠭᠡ ᠦᠭᠡᠢ | ᠴᠢᠨᠦ ᠰᠡᠳᠬᠢᠯ ᠠᠴᠠ ᠬᠠᠨᠭ᠍ᠬᠤᠯᠵᠤ ᠢᠷᠡᠬᠦ | ᠬᠡᠤᠬᠡᠨ ᠨᠠᠰᠤᠨ ᠤ ᠠᠩᠬᠢᠯᠤᠭᠤᠨ ᠦᠨᠦᠷ | ᠨᠠᠮ᠎ᠠ ᠶᠢ ᠳᠠᠯᠠᠯᠤᠭᠠᠳ ᠪᠠᠶᠢᠨ᠎ᠠ᠃ | ᠴᠢᠨᠦ | ᠢᠨᠢᠶᠡᠳᠦ ᠴᠠᠯᠬᠢᠭᠤᠯᠤᠭᠰᠠᠨ ᠲᠤᠩᠭᠠᠯᠠᠭ ᠠᠭᠠᠷ ᠲᠤ | ᠨᠠᠷᠠᠨ ᠤ ᠲᠤᠶᠠᠭ᠎ᠠ ᠰᠠᠴᠤᠷᠠᠵᠤ | ᠡᠪᠡᠰᠦᠨ ᠤ ᠦᠵᠦᠬᠦᠷ ᠪᠦᠮᠪᠦᠭᠡᠨᠡᠭᠰᠡᠨ | ᠰᠢᠬᠦᠳᠡᠷᠢ ᠶᠢᠨ ᠮᠦᠡᠭᠭᠦᠨ ᠲᠤᠰᠤᠯ | ᠵᠡᠬᠦᠳᠦᠨ ᠤ ᠤᠳᠤᠳ ᠰᠢᠭ᠋ ᠠᠨᠢᠪᠴᠠᠨᠠ᠃ | ᠴᠡᠴᠡᠭ ᠰᠦᠯᠵᠢᠨ ᠳᠡᠷᠪᠡᠬᠦ | ᠡᠷᠪᠡᠬᠡᠢ ᠶᠢ ᠳᠠᠭᠠᠵᠤ | ᠴᠢᠮ᠎ᠠ ᠲᠠᠢ | ᠠᠶᠢᠯ ᠪᠤᠯᠤᠯᠴᠠᠨ ᠲᠤᠭᠯᠠᠵᠤ ᠪᠠᠶᠢᠭᠰᠠᠨ | ᠠᠯᠠᠭ ᠡᠷᠢᠶᠡᠨ ᠴᠢᠯᠠᠭᠤᠳ ᠪᠤᠶᠤ | ᠠᠶᠠᠭᠠᠨ ᠱᠠᠭᠠᠵᠠᠩ ᠤᠨ ᠬᠠᠭᠠᠷᠬᠠᠢ | ᠦᠨᠡᠨ᠂ ᠰᠠᠶᠢᠨ᠂ ᠰᠠᠶᠢᠬᠠᠨ ᠪᠤᠶᠤ | ᠦᠡᠭᠭᠡᠷᠡᠨ ᠤᠳᠤᠭᠰᠠᠨ | ᠤᠨ ᠵᠢᠯ ᠢᠶᠠᠨ ᠵᠠᠭᠤᠭᠰᠠᠭᠠᠷ | ᠤᠨᠠᠭᠠᠨ ᠨᠠᠰᠤ ᠪᠠᠨ ᠡᠷᠢᠵᠦ ᠶᠠᠪᠤᠨ᠎ᠠ᠃ | ᠴᠠᠭ ᠴᠠᠭ ᠤᠨ ᠰᠢᠪᠠᠭᠤᠳ | ᠨᠢᠰᠴᠦ ᠤᠳᠤᠨ᠎ᠠ᠂ | ᠦᠯᠡᠳᠡᠵᠦ ᠬᠤᠴᠤᠷᠤᠭᠰᠠᠨ ᠨᠠᠭᠤᠷ ᠨᠢ | ᠨᠢᠳᠦᠨ ᠳᠤ ᠪᠠᠨ ᠵᠠᠶᠢᠷ ᠲᠠᠢ ᠮᠠᠯᠮᠠᠷᠠᠨ᠎ᠠ᠂ | ᠠᠯᠲᠠᠨ ᠰᠢᠷᠭᠠᠯ ᠤᠢ ᠶᠢᠨ ᠨᠠᠪᠴᠢᠰ | ᠡᠨᠡ ᠪᠦᠬᠦᠨ ᠢ ᠳᠠᠷᠤᠵᠤ ᠬᠤᠴᠤᠷᠤᠨ᠎ᠠ᠂ | ᠠᠩᠬᠢᠷᠬᠠᠨ ᠨᠠᠰᠤᠨ ᠤ ᠮᠦᠷᠦᠭᠡᠳᠦᠯ ᠯᠠ | ᠨᠠᠮ᠎ᠠ ᠶᠢ ᠪᠦᠪᠠᠶᠢᠯᠡᠨ ᠨᠢᠯᠬᠠᠷᠠᠭᠤᠯᠵᠤ | ᠠᠯᠠᠭᠬᠠᠨ ᠬᠤᠷᠸ᠎ᠠ ᠶᠢᠨ ᠪᠠᠷᠠᠭᠠᠨ ᠲᠤᠭᠤᠰᠤᠨ ᠳᠤ | ᠳᠤᠷᠠᠰᠬᠤ ᠶᠠᠭᠤᠮ᠎ᠠ ᠲᠠᠢ ᠤᠶᠠᠷᠠᠭᠤᠯᠵᠤ ᠬᠤᠴᠤᠷᠭᠠᠨᠠ᠃ | — — ᠳᠡᠯᠡᠬᠡᠢ ᠶᠢᠨ ᠹᠠᠱᠢᠰ ᠢ ᠡᠰᠡᠷᠬᠦᠴᠡᠭᠰᠡᠨ | ᠳᠠᠶᠢᠨ ᠢᠯᠠᠯᠲᠠ ᠤᠯᠤᠭᠰᠠᠨ 70 | ᠵᠢᠯ ᠤᠨ ᠤᠢ ᠳᠤ ᠵᠤᠷᠢᠭᠤᠯᠪᠠ | ᠨᠠ᠊ · ᠫᠤᠷᠯᠠᠢ ᠵᠤᠬᠢᠶᠠᠪᠠ | | |