ᠨᠠᠮ ᠢᠶᠠᠨ ᠮᠠᠭᠲᠠᠶ᠎ᠠ
ᠨᠡᠶᠢᠲᠡᠯᠡᠭᠰᠡᠨ ᠴᠠᠭ᠄
2018-06-04
  ᠨᠠᠮ ᠢᠶᠠᠨ ᠮᠠᠭᠲᠠᠶ᠎ᠠ ᠠᠷᠠᠯᠲᠦ ᠬᠤᠭᠤᠷ ᠢᠶᠠᠨ ᠠᠳᠬᠤᠭᠠᠳ ᠰᠠᠭᠤᠯ᠎ᠠ ᠠᠶᠠᠯᠭᠤ ᠳᠠᠭᠤᠤ ᠪᠠᠨ ᠡᠭᠦᠰᠭᠡᠯ᠎ᠡ ᠠᠭᠤᠤ ᠶᠡᠭᠡ ᠡᠪ ᠬᠠᠮᠲᠦ ᠨᠠᠮ ᠢᠶᠠᠨ ᠠᠶᠠᠯᠠᠭᠤᠯᠵᠦ ᠮᠠᠭᠲᠠᠨ ᠳᠠᠭᠤᠯᠠᠶ᠎ᠠ︕ ᠬᠤᠭᠤᠷ ᠴᠣᠭᠤᠷ ᠢᠶᠠᠨ ᠬᠦᠭᠯᠡᠭᠦᠯᠦᠭᠡᠳ ᠬᠤᠯᠪᠤᠭ᠎ᠠ ᠬᠦᠭᠵᠢᠮ ᠢᠶᠠᠨ ᠡᠭᠦᠰᠭᠡᠯ᠎ᠡ ᠬᠦᠭᠵᠢᠨ ᠪᠠᠳᠠᠷᠠᠵᠦ ᠪᠠᠶᠢᠭ᠎ᠠ ᠠᠮᠢᠳᠤᠷᠠᠯ ᠢᠶᠠᠨ ᠬᠤᠯᠪᠤᠵᠣ ᠮᠠᠭᠲᠠᠵᠣ ᠳᠠᠭᠤᠯᠠᠶ᠎ᠠ︕ ᠡᠪ ᠬᠠᠮᠲᠦ ᠨᠠᠮ ᠪᠠᠶᠢᠬᠤ ᠦᠭᠡᠢ ᠪᠣᠯ ᠰᠢᠨ᠎ᠡ ᠳᠣᠮᠳᠠᠳᠣ ᠣᠯᠣᠰ ᠪᠠᠶᠢᠬᠤ ᠦᠭᠡᠢ ᠶᠣᠮ ᠰᠢᠨ᠎ᠡ ᠳᠣᠮᠳᠠᠳᠣ ᠣᠯᠣᠰ ᠪᠠᠶᠢᠮᠠᠨᠵᠢᠨ ᠰᠠᠶᠢ ᠰᠠᠶᠢᠬᠠᠨ ᠠᠮᠢᠳᠣᠷᠠᠯ ᠢᠶᠠᠨ ᠡᠳ᠋ᠯᠡᠭᠰᠡᠨ ᠪᠢᠳᠡ ᠡ᠂ ᠳᠣᠷᠣᠨ᠎ᠠ ᠵᠦᠭ ᠠᠴᠠ ᠨᠠᠷᠠᠨ ᠮᠠᠨᠳᠤᠯ᠎ᠠ ᠳᠤᠮᠳᠠᠳᠤ ᠣᠯᠣᠰ ᠤᠨ ᠠᠷᠠᠳ ᠲᠦᠮᠡᠨ ᠪᠣᠰᠣᠨ ᠵᠣᠭᠰᠣᠯ᠎ᠠ ᠳᠣᠮᠳᠠᠳᠣ ᠣᠯᠣᠰ   ᠡᠪ ᠬᠠᠮᠲᠦ ᠨᠠᠮ ᠤᠨ ᠤᠳᠤᠷᠢᠳᠤᠯᠭ᠎ᠠ ᠳᠣᠦᠷ᠎ᠠ ᠲᠠᠩᠰᠤᠭ ᠵᠢᠷᠭᠠᠯ ᠢᠶᠠᠨ ᠡᠳ᠋ᠯᠡᠭᠰᠡᠨ ᠶᠤᠮ ᠡ︕ ᠠᠷᠪᠠᠨ ᠨᠠᠢᠮᠠᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠠᠯᠬᠤᠮ ᠳᠠᠷᠠᠭ᠎ᠠ ᠲᠠᠢ ᠲᠤᠭᠤᠰᠢᠯᠠᠭᠤᠯᠵᠤ ᠪᠠᠶᠢᠨ᠎ᠠ ᠵᠢᠷᠭᠤᠳᠤᠭᠠᠷ ᠪᠦᠭᠦᠳᠡ ᠬᠤᠷᠠᠯ ᠤᠨ ᠵᠢᠯᠣᠭᠤᠳᠤᠯᠭ᠎ᠠ ᠪᠠᠷ ᠴᠣᠬᠤᠮ ᠠᠮᠵᠢᠯᠲᠠ ᠪᠦᠲᠦᠭᠡᠯ ᠣᠯᠵᠣ ᠪᠠᠶᠢᠨ᠎ᠠ ᠠᠮᠣ ᠪᠤᠳᠠᠭ᠎ᠠ ᠪᠠᠨ ᠡᠯᠪᠡᠭ ᠬᠤᠷᠢᠶᠠᠭᠰᠠᠨ ᠠᠤᠭ᠎ᠠ ᠪᠦᠲᠦᠭᠡᠯ ᠠᠴᠠ ᠨᠢ ᠰᠣᠨᠤᠰᠤᠨ᠎ᠠ ᠤᠤ ᠲᠠ ᠠᠳᠤᠭᠤ ᠮᠠᠯ ᠢᠶᠠᠨ ᠦᠨᠢᠷ ᠦᠰᠭᠡᠭᠰᠡᠨ ᠠᠷᠭ᠎ᠠ ᠳᠡᠮ ᠠᠴᠠ ᠰᠣᠨᠤᠰᠤᠨ᠎ᠠ ᠤᠤ ᠲᠠ᠂ ᠠᠶᠢᠯ ᠭᠠᠴᠠᠭ᠎ᠠ ᠶᠢᠨ ᠬᠤᠪᠢᠷᠠᠯᠲᠠ ᠬᠦᠭᠵᠢᠯᠲᠡ ᠠᠴᠠ ᠠᠩᠬᠠᠷᠴᠤ ᠦᠵᠡᠨ᠎ᠡ ᠤᠤ ᠲᠠ ᠨᠠᠷ ᠡ ᠠᠵᠤ ᠠᠮᠢᠳᠤᠷᠠᠯ ᠤᠨ ᠪᠠᠶᠠᠵᠢᠭᠰᠠᠨ ᠤ ᠠᠮᠵᠢᠯᠲᠠ ᠪᠦᠲᠦᠭᠡᠯ ᠠᠴᠠ ᠨᠢ ᠰᠣᠨᠤᠰᠤᠨ᠎ᠠ ᠤᠤ ᠲᠠ ᠣᠭ ᠤᠨ ᠪᠠᠶᠢᠭᠰᠠᠨ ᠰᠢᠪᠠᠷ ᠭᠡᠷ ᠤᠳ ᠤᠯᠠᠭᠠᠨ ᠲᠣᠭᠤᠰᠬᠠᠨ ᠪᠠᠶᠢᠰᠢᠩ ᠢᠶᠠᠷ ᠰᠣᠯᠢᠭᠳᠠᠵᠠᠢ ᠦᠬᠡᠷ ᠲᠡᠷᠭᠡ ᠮᠣᠳᠤᠨ ᠠᠨᠵᠢᠰᠤ ᠨᠢ ᠣᠳᠣᠬᠢᠴᠢᠯᠠᠭᠰᠠᠨ ᠮᠠᠰᠢᠨ ᠢᠶᠠᠷ ᠰᠣᠯᠢᠭᠳᠠᠵᠠᠢ ᠣᠰᠣ ᠰᠢᠪᠠᠷ ᠲᠠᠢ ᠰᠢᠷᠤᠢ ᠶᠢᠨ ᠵᠠᠮ ᠨᠢ ᠠᠭᠤᠳᠠᠮ ᠰᠠᠷᠠᠭᠤᠯ ᠱᠦᠢᠨᠢ ᠶᠢᠨ ᠵᠠᠮ ᠢᠶᠠᠷ ᠰᠤᠯᠢᠭᠳᠠᠵᠠᠢ ᠠᠭᠤᠳᠠᠮ ᠰᠠᠷᠠᠭᠤᠯ ᠵᠠᠮ ᠤᠨ ᠬᠠᠵᠠᠭᠤ ᠪᠠᠷ ᠦᠩᠭᠡᠲᠦ ᠳ᠋ᠧᠩ ᠨᠢ ᠭᠢᠯᠠᠯᠵᠠᠵᠠᠢ︕ ᠲᠠᠴᠢᠷ ᠪᠠᠶᠢᠭᠰᠠᠨ ᠲᠠᠷᠢᠶᠠᠨ ᠭᠠᠵᠠᠷ ᠲᠠᠢ ᠠᠴᠠ ᠲᠠᠩᠰᠤᠭ ᠬᠤᠷᠢᠶᠠᠯᠲᠠ ᠶᠢ ᠬᠤᠷᠢᠶᠠᠵᠠᠢ ᠲᠠᠷᠢᠶᠠᠨ ᠳᠠᠭᠠᠨ ᠬᠦᠷᠬᠦ ᠵᠠᠮᠳᠠᠭᠠᠨ ᠬᠦᠷᠲᠡᠯ᠎ᠡ ᠲᠣᠭᠤᠰᠭ᠎ᠠ ᠴᠢᠯᠠᠭᠤ ᠶᠢᠨ ᠵᠠᠮ ᠢ ᠳᠡᠪᠰᠡᠵᠡᠢ᠂ ᠲᠠᠬᠤᠯ ᠲᠣᠮᠣᠭᠤ ᠬᠦᠷᠦᠯ᠎ᠡ ᠭᠡᠪᠡᠯ ᠲᠤᠰᠬᠤᠨ ᠳᠠᠭᠠᠨ ᠡᠮᠨᠡᠯᠭᠡ ᠶᠢᠨ ᠦᠷᠦᠭᠡ ᠪᠠᠶᠢᠨ᠎ᠠ ᠳᠠᠪᠤᠰᠤ ᠲᠣᠰᠤ ᠪᠠᠨ ᠬᠤᠳᠠᠯᠳᠣᠨ ᠠᠪᠣᠶ᠎ᠠ ᠭᠡᠪᠡᠯ ᠲᠤᠰᠬᠤᠨ ᠳᠠᠭᠠᠨ ᠬᠤᠳᠠᠯᠳᠤᠭ᠎ᠠ ᠳᠡᠯᠭᠡᠭᠦᠷ ᠪᠠᠶᠢᠨ᠎ᠠ ᠴᠡᠪᠡᠷ ᠣᠰᠤ ᠪᠠᠨ ᠣᠭᠤᠣᠶ᠎ᠠ ᠭᠡᠪᠡᠯ ᠲᠦᠭᠡᠭᠡᠯ ᠣᠰᠣ ᠨᠢ ᠪᠠᠶᠢᠬᠤ ᠦᠭᠡᠢ ᠤᠤ ᠳ᠋ᠠ ᠰᠣᠶᠤᠯ ᠮᠡᠳᠡᠯᠭᠡ ᠪᠠᠨ ᠨᠠᠮᠡᠭᠳᠡᠭᠦᠯᠦᠶ᠎ᠡ ᠭᠡᠪᠡᠯ ᠰᠣᠶᠣᠯ ᠤᠨ ᠦᠷᠦᠭᠡ ᠨᠢ ᠪᠠᠶᠢᠬᠤ ᠦᠭᠡᠢ ᠤᠤ ᠳ᠋ᠠ ᠬᠤᠲᠠ ᠭᠠᠵᠠᠷ ᠬᠦᠷᠦᠶ᠎ᠡ ᠭᠡᠪᠡᠯ ᠬᠤᠷᠳᠤᠨ ᠲᠡᠷᠭᠡ ᠪᠠᠭ᠎ᠠ ᠮᠠᠰᠢᠨ ᠨᠢ ᠪᠠᠶᠢᠬᠤ ᠦᠭᠡᠢ ᠤᠤ ᠳ᠋ᠠ ᠬᠦᠨᠳᠦ ᠶᠠᠭᠤᠮ᠎ᠠ ᠪᠠᠨ ᠲᠡᠭᠡᠭᠡᠶ᠎ᠡ ᠭᠡᠪᠡᠯ ᠠᠴᠢᠶᠠᠨ ᠮᠠᠰᠢᠨ ᠨᠢ ᠪᠠᠶᠢᠬᠤ ᠦᠭᠡᠢ ᠤᠤ ᠳ᠋ᠠ ᠠᠶᠢᠯ ᠭᠠᠴᠠᠭ᠎ᠠ ᠪᠣᠯᠭᠠᠨᠳᠠᠭᠠᠨ ᠠᠭᠤᠳᠠᠮ ᠰᠠᠷᠠᠭᠤᠯ ᠰᠣᠶᠣᠯ ᠤᠨ ᠲᠠᠯᠠᠪᠤᠷ ᠲᠠᠢ ᠠᠭᠰᠢᠷᠠᠭ᠎ᠠ ᠵᠠᠯᠠᠭᠤ ᠪᠦᠬᠦᠳᠡᠭᠡᠷ ᠢᠶᠠᠨ ᠠᠨᠳᠠᠢ ᠪᠦᠵᠢᠭ ᠢᠶᠠᠨ ᠪᠦᠵᠢᠭᠯᠡᠵᠦ ᠪᠠᠶᠢᠨ᠎ᠠ ᠠᠭᠤᠤ ᠨᠠᠮ ᠤᠨ ᠠᠴᠢ ᠭᠠᠪᠢᠶ᠎ᠠ ᠶᠢ ᠠᠶᠠᠯᠠᠭᠤᠯᠵᠤ ᠮᠠᠭᠲᠠᠭᠠᠳ ᠪᠠᠷᠠᠨ᠎ᠠ ᠤᠤ ᠳ᠋ᠠ ᠠᠶᠢᠯ ᠭᠠᠴᠠᠭ᠎ᠠ ᠶᠢᠨ ᠬᠤᠪᠢᠷᠠᠯ ᠬᠦᠭᠵᠢᠯ ᠢ ᠠᠶᠠᠯᠠᠭᠤᠯᠵᠤ ᠬᠤᠯᠪᠤᠭᠠᠳ ᠪᠠᠷᠠᠨ᠎ᠠ ᠤᠤ ᠳ᠋ᠠ᠂ ᠰᠣᠳᠣ ᠮᠡᠷᠭᠡᠨ ᠨᠠᠮ ᠤᠨ ᠣᠳᠣᠷᠢᠳᠤᠯᠭ᠎ᠠ ᠳᠤᠤᠷ᠎ᠠ ᠰᠢᠨ᠎ᠡ ᠬᠦᠳᠡᠭᠡ ᠲᠣᠰᠬᠤᠨ ᠢᠶᠠᠨ ᠪᠠᠶᠢᠭᠤᠯᠤᠶ᠎ᠠ ᠰᠢᠨᠠᠴᠢᠯᠡᠯᠲᠡ ᠦᠭᠡᠷᠡᠴᠢᠯᠡᠯᠲᠡ ᠶᠢᠨ ᠠᠤᠭ᠎ᠠ ᠦᠢᠯᠡᠰ ᠲᠣ ᠪᠠᠨ ᠰᠢᠷᠭᠠᠭᠤ ᠬᠠᠲᠠᠭᠤᠵᠢᠯᠲᠠᠢ ᠴᠢᠷᠮᠠᠶᠢᠵᠠᠭᠠᠶ᠎ᠠ︕ ᠦᠭᠡ᠄ ᠪᠣᠣ ᠶᠢᠨ
 
ᠢᠷᠡᠯᠲᠡ᠄ ᠨᠠᠢᠮᠠᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号