ᠨᠢᠭᠡ | ᠨᠠᠮ᠎ᠠ ᠶᠢ ᠰᠡᠭᠡᠭᠡ ᠤᠷᠤᠬᠤ ᠦᠶ᠎ᠡ ᠳᠤ ᠨᠢᠭᠡᠨᠲᠡ ᠰᠦᠨᠢ ᠲᠦᠯᠢ ᠪᠤᠯᠤᠭᠰᠠᠨ ᠪᠠᠶᠢᠪᠠ᠃ ᠪᠠᠷᠠᠭᠤᠨ ᠬᠦᠯ | ᠱᠠᠷᠬᠢᠷᠠᠨ ᠡᠪᠡᠳᠴᠦ᠂ ᠲᠤᠯᠤᠭᠠᠢ ᠲᠦᠢᠷᠠᠨ ᠦᠴᠦᠬᠡᠨ ᠴᠦ ᠬᠦᠳᠡᠯᠬᠦ ᠶᠢᠨ ᠠᠷᠭ᠎ᠠ ᠦᠭᠡᠢ᠃ ᠨᠢᠳᠤ ᠪᠠᠨ | ᠨᠡᠬᠡᠬᠡᠮᠡᠭᠴᠡ ᠪᠢ ᠮᠡᠳᠡᠷᠡᠪᠡ᠃ ᠪᠢ ᠡᠮᠨᠡᠯᠭᠡ ᠳᠤ ᠪᠠᠶᠢᠨ᠎ᠠ᠃ ᠪᠠᠰᠠ ᠦᠬᠦᠭᠡ ᠦᠭᠡᠢ ᠪᠠᠶᠢᠭᠰᠠᠭᠠᠷ᠃ ᠶᠠᠭᠤᠨ ᠳᠤ | ᠦᠬᠦᠳᠡᠭ ᠦᠭᠡᠢ ᠶᠤᠮ ᠭᠡᠵᠦ ᠭᠠᠶᠢᠬᠠᠰᠢ ᠲᠦᠷᠦᠨ᠎ᠡ᠃ | ᠲᠡᠮᠦᠷ ᠤᠷᠤ ᠶᠢᠨ ᠲᠡᠷᠭᠡᠲᠡ ᠬᠦᠯ ᠤᠨ ᠦᠵᠦᠭᠦᠷ ᠨᠢᠭᠡ ᠬᠦᠮᠦᠨ ᠡᠯᠢᠭᠡᠳᠡᠨ ᠬᠡᠪᠲᠡᠭᠡ ᠨᠢ ᠪᠦᠷᠦᠯᠵᠡᠨ | ᠦᠵᠡᠭᠳᠡᠪᠡ᠃ ᠡᠨᠡ ᠬᠦᠮᠦᠨ ᠪᠤᠯ ᠨᠠᠳᠠ ᠡᠵᠢ ᠪᠤᠯᠬᠤ ᠲᠡᠷᠡ ᠪᠦᠰᠡᠬᠦᠢ ᠭᠡᠵᠦ ᠲᠤᠲᠤᠭᠠᠳᠤ ᠰᠡᠷᠡᠯ ᠳᠤ | ᠮᠡᠳᠡᠷᠡᠭᠳᠡᠨ᠎ᠡ᠃ ᠲᠡᠭᠡᠬᠦ ᠳᠤ ᠲᠤᠲᠤᠷ᠎ᠠ ᠭᠠᠰᠢᠭᠤ ᠤᠷᠬᠢᠵᠤ᠂ ᠨᠢᠭᠡᠨ ᠦᠯᠦ ᠦᠵᠡᠭᠳᠡᠬᠦ ᠭᠠᠷ ᠵᠢᠷᠦᠬᠡ ᠶᠢ ᠪᠠᠵᠠᠯᠠᠬᠤ | ᠰᠢᠭ᠋ ᠡᠪᠡᠷᠰᠢᠶᠡᠬᠦ ᠪᠠᠷ ᠪᠡᠶ᠎ᠡ ᠪᠠᠨ ᠰᠢᠯᠭᠡᠭᠡᠪᠡ᠃ ᠲᠡᠷᠡ ᠬᠦᠮᠦᠨ ᠦᠷᠭᠦᠨ ᠨᠠᠳᠬᠤᠭᠰᠠᠨ ᠰᠢᠭ᠋ ᠡᠷᠪᠠᠶᠢᠨ ᠪᠤᠰᠴᠤ | ᠨᠠᠮ᠎ᠠ ᠶᠢ ᠬᠠᠷᠠᠭᠠᠳ᠄ | — — ᠡᠪᠡᠤ᠂ ᠬᠦᠤ ᠮᠢᠨᠢ᠂ ᠪᠠᠮᠪᠠᠷ ᠮᠢᠨᠢ ᠰᠠᠷᠭᠦᠴᠢᠬᠡᠯᠡ ᠤᠤ︖ ᠲᠤᠲᠤᠷ᠎ᠠ ᠴᠢᠨᠢ ᠶᠠᠮᠠᠷᠬᠠᠨ ᠪᠠᠶᠢᠨ᠎ᠠ︖ | ᠭᠡᠵᠡᠢ᠃ | ᠮᠢᠨᠤ ᠦᠭᠡ ᠶᠠᠷᠢᠬᠤ ᠤᠷᠮ᠎ᠠ ᠠᠯᠳᠠᠷᠠᠵᠤ᠂ ᠠᠨᠢᠰᠬ᠎ᠠ ᠴᠦ ᠵᠠᠯᠬᠠᠭᠤ ᠬᠦᠷᠦᠨ ᠠᠨᠢᠯᠳᠤᠪᠠ᠃ | ᠲᠡᠷᠡ ᠬᠦᠮᠦᠨ ᠤᠯᠠᠮ ᠢᠶᠠᠷ ᠵᠠᠵᠢᠭ ᠪᠠᠵᠢᠭ ᠠᠯᠳᠠᠷᠠᠨ᠂ ᠭᠠᠷ ᠢᠶᠠᠨ ᠨᠤᠬᠤᠴᠢᠨ ᠳᠡᠪᠭᠡᠴᠡᠬᠦ ᠨᠢ ᠲᠤᠲᠤᠷ᠎ᠠ | ᠰᠡᠷᠡᠭᠳᠡᠨᠡ᠃ | — — ᠬᠦᠤ ᠮᠢᠨᠢ᠂ ᠬᠤᠭᠤᠯᠠᠢ ᠪᠠᠨ ᠨᠤᠷᠭᠠᠬᠤ ᠤᠤ︖ ᠶᠠᠮᠠᠷ ᠬᠡᠴᠡᠭᠦᠤ ᠪᠤᠯᠵᠤ ᠪᠠᠶᠢᠨ᠎ᠠ ᠭᠡᠵᠦ | ᠤᠬᠢᠯᠠᠩᠨᠠᠨ ᠦᠭᠦᠯᠡᠨ᠎ᠡ᠃ | ᠪᠢ ᠨᠢᠳᠤ ᠪᠠᠨ ᠨᠡᠬᠡᠭᠡᠵᠦ ᠲᠡᠷᠡ ᠬᠦᠮᠦᠨ ᠢ ᠠᠰ ᠬᠠᠷᠠᠪᠠ᠃ | — — ᠲᠡᠷᠡ ᠬᠦᠮᠦᠨ ᠦᠬᠦᠴᠢᠬᠡᠭᠰᠡᠨ ᠤᠤ︖ | — — ᠦᠭᠡᠢ᠂ ᠡᠮᠨᠡᠯᠭᠡ ᠳᠤ ᠪᠤᠢ᠃ | — — ᠪᠢ ᠶᠠᠭᠠᠬᠢᠭᠠᠳ ᠦᠬᠦᠳᠡᠭ ᠦᠭᠡᠢ ᠶᠤᠮ︖ | ᠠᠨᠢᠭᠠᠷ ᠨᠠᠷᠢᠬᠠᠨ ᠨᠢᠳᠤ ᠨᠢ ᠤᠰᠤᠩᠳᠦᠨ᠂ ᠤᠷᠤᠭᠤᠯ ᠢᠶᠠᠨ ᠬᠠᠵᠠᠯᠬᠢᠯᠠᠬᠤ ᠶᠢ ᠨᠢ ᠬᠠᠷᠠᠭᠠᠳ ᠡᠭᠳᠡᠭᠦᠤ | ᠬᠦᠷᠪᠡ᠃ ᠳᠠᠬᠢᠭᠠᠳ ᠶᠠᠭᠤ ᠴᠦ ᠲᠤᠤᠭᠠᠷᠤᠭᠰᠠᠨ ᠦᠭᠡᠢ᠃ ᠡᠮᠡᠭᠲᠡᠢ ᠨᠠᠶᠢᠵᠨ ᠮᠢᠨᠢ ᠲᠠᠨᠢᠯ ᠠᠬ᠎ᠠ ᠲᠡᠭᠦᠤ ᠲᠠᠢ | ᠱᠠᠯ ᠰᠤᠭᠲᠤᠭᠤ ᠭᠠᠷ ᠬᠤᠯᠪᠤᠯᠴᠠᠨ ᠶᠠᠪᠤᠬᠤ ᠨᠢ ᠨᠢᠳᠦᠨ ᠳᠤ ᠳᠠᠬᠢᠨ ᠲᠤᠳᠤᠷᠠᠪᠠ᠃ ᠶᠠᠮᠠᠷ ᠤᠯᠢᠭ ᠦᠭᠡᠢ ᠬᠤᠶᠠᠷ | ᠪᠤᠢ᠂ ᠦᠬᠦᠯ ᠲᠠᠭᠠᠷᠢᠭᠰᠠᠨ ᠤᠳ᠃ | — — ᠲᠠ ᠬᠤᠶᠠᠷ ᠶᠠᠭᠠᠬᠢᠵᠤ ᠰᠠᠮᠠᠭᠤᠷᠠᠵᠤ ᠪᠠᠶᠢᠬᠤ ᠪᠤᠢ︖ | — — ᠮᠠᠨ ᠤ ᠬᠤᠶᠠᠷ ᠪᠠᠭᠠᠬᠠᠨ ᠠᠷᠢᠬᠢᠳᠠᠭᠠᠳ ᠬᠠᠯᠠᠰᠤᠴᠢᠬᠠᠭᠰᠠᠨ ᠢᠶᠠᠷ ᠲᠦᠰᠢᠯᠴᠡᠭᠡᠳ ᠁ | ᠡᠮᠡᠭᠲᠡᠢ ᠨᠠᠶᠢᠵᠨ ᠮᠢᠨᠢ ᠬᠤᠯᠮᠠᠯᠵᠠᠨ ᠭᠤᠨᠭ᠍ᠰᠢᠪᠠ᠃ | — — ᠵᠦᠭᠡᠷ ᠵᠤᠭᠤᠭ ᠳᠡᠯᠭᠡᠵᠦ ᠁ | ᠳᠠᠷᠢᠬᠢᠨ ᠳᠤ ᠲᠡᠷᠡ ᠵᠢᠯ ᠤᠨ ᠤᠯᠠᠭᠠᠨ ᠬᠡᠷᠡᠭᠦᠯ ᠪᠠ ᠠᠪᠤ ᠶᠢᠨ ᠯᠤᠩᠬᠤ ᠪᠠᠨ ᠲᠡᠪᠡᠷᠢᠭᠰᠡᠨ ᠤᠬᠢᠯᠠᠯ ᠴᠦᠢᠳᠧᠩ | ᠵᠢᠷᠤᠭᠰᠠᠨ ᠰᠢᠭ᠋ ᠭᠢᠯᠠᠰ ᠬᠢᠬᠦ ᠪᠠᠷ ᠡᠮᠡᠭᠲᠡᠢ ᠨᠠᠶᠢᠵᠨ ᠶᠢᠨ ᠦᠭᠡ ᠪᠠᠷᠠᠬᠤ ᠠᠴᠠ ᠡᠮᠦᠨ᠎ᠡ ᠭᠠᠭᠴᠠᠬᠠᠨ ᠲᠦᠭᠦᠰᠢᠯᠡᠪᠡ᠃ | | — — ᠴᠢᠳᠬᠦᠷ ᠤᠨ ᠦᠬᠢᠨ ᠶᠢᠰᠤᠨ ᠲᠦᠷᠦᠯ ᠲᠠᠢ ᠪᠠᠨ ᠴᠠᠭᠠᠰᠢ ᠵᠢᠯᠢᠢ᠃ | — — ᠡᠮᠤ ᠡ᠂ ᠠᠯᠠᠬᠤ ᠨᠢ︕ ᠭᠤᠳ ᠰᠢᠩᠬᠡᠨ ᠳᠠᠭᠤ᠃ | ᠴᠡᠭᠡᠵᠢᠨ ᠳᠤ ᠬᠡᠢ ᠰᠠᠭᠭᠠᠵᠤ᠂ ᠬᠠᠮᠠᠷ ᠢᠶᠠᠷ ᠤᠲᠤᠭ᠎ᠠ ᠪᠤᠷᠭᠢᠨᠠ᠃ | — — ᠪᠠᠮᠪᠠᠷ ᠴᠢ ᠰᠤᠯᠢᠶᠠᠷᠠᠬᠤ ᠨᠢ ᠤᠤ᠃ ᠨᠠᠶᠢᠵᠨ ᠶᠢ ᠴᠢᠨᠢ ᠵᠦᠭᠡᠷ ᠨᠢᠭᠡ ᠪᠤᠳᠠᠭᠠᠯᠠᠬᠤ ᠳᠤ᠃ ᠡᠨᠡ | ᠴᠢᠨᠢ ᠡᠬᠡ ᠶᠢᠨ ᠢᠶᠠᠨ ᠲᠤᠮᠤᠭ ᠲᠤ ᠰᠢᠪᠠᠷᠳᠠᠴᠢᠬᠠᠭᠰᠠᠨ ᠭᠠᠶᠢᠬᠠᠯ᠃ | — — ᠦᠬᠦᠭᠰᠡᠨ ᠤ ᠴᠢᠨᠢ᠃ ᠴᠢᠮ᠎ᠠ ᠠᠴᠠ ᠪᠤᠰᠤᠳ ᠬᠦᠮᠦᠨ ᠪᠦᠷ ᠲᠤᠯᠤᠭᠠᠢ ᠳᠤ ᠪᠠᠨ ᠤᠰᠤ ᠲᠠᠢ | ᠭᠡᠵᠦ ᠤᠤ᠃ ᠬᠦᠯ ᠲᠤᠤᠷ᠎ᠠ ᠠᠴᠠ ᠪᠠᠨ ᠲᠤᠭᠤᠰᠬ᠎ᠠ ᠠᠪᠴᠤ ᠲᠤᠯᠤᠭᠠᠢ ᠤᠷᠤᠭᠤ ᠨᠢ ᠨᠢᠭᠡ ᠪᠠᠯᠪᠠᠪᠠ᠃ ᠴᠠᠭᠠᠨᠠᠬᠢ | ᠡᠷ᠎ᠡ ᠶᠢᠨ ᠲᠤᠯᠤᠭᠠᠢ ᠤᠯᠠᠭᠠᠨ ᠨᠦᠵᠢ ᠪᠤᠯᠵᠦ ᠬᠠᠷᠠᠭᠳᠠᠨ᠎ᠠ᠃ ᠲᠡᠭᠡᠬᠦ ᠳᠤ ᠰᠢᠷᠬᠠᠨ ᠤ ᠬᠠᠯᠠᠭᠤᠨ ᠤᠤ᠂ ᠡᠰᠡᠪᠡᠯ | ᠠᠷᠢᠬᠢᠨ ᠤ ᠬᠠᠯᠠᠭᠤᠨ ᠢᠶᠠᠷ ᠤᠤ᠂ ᠪᠤᠤ ᠮᠡᠳᠡ᠂ ᠤᠨᠠᠬᠤ ᠡᠷ᠎ᠡ ᠪᠢᠰᠢ᠃ ᠰᠠᠳᠠᠭᠠᠨᠠᠨ ᠤᠷᠤᠰᠬᠤ ᠴᠢᠰᠤ ᠪᠠᠨ | ᠠᠯᠠᠭ᠎ᠠ ᠪᠠᠷ ᠢᠶᠠᠨ ᠵᠦᠯᠭᠦᠵᠦ᠂ ᠬᠠᠷᠮᠠᠨ ᠠᠴᠠ ᠪᠠᠨ ᠤᠬᠤᠷ ᠬᠢᠳᠤᠭ᠎ᠠ ᠭᠠᠷᠭᠠᠨ ᠨᠦᠷᠢᠵᠦ ᠢᠷᠡᠪᠡ᠃ | ᠨᠢᠭᠡ ᠪᠠᠨ ᠬᠤᠤᠷᠯᠠᠬᠤ ᠤᠶᠢᠯᠡ ᠢᠡᠭᠬᠢᠵᠦ ᠡᠭᠦᠰᠦᠭᠰᠡᠨ ᠶᠤᠮ᠃ ᠡᠮᠨᠡᠯᠭᠡ ᠳᠤ ᠬᠡᠨ ᠬᠦᠷᠭᠡᠵᠦ ᠢᠷᠡᠭᠰᠡᠨ᠂ | ᠬᠡᠷᠡᠭᠦᠯ ᠶᠠᠭᠠᠬᠢᠵᠤ ᠲᠡᠭᠦᠰᠦᠭᠰᠡᠨ ᠲᠤᠬᠠᠢ ᠪᠤᠳᠤᠭᠳᠠᠬᠤ ᠶᠠᠭᠤᠮ᠎ᠠ ᠠᠯᠠᠭ᠎ᠠ ᠪᠠᠶᠢᠪᠠ᠃ | ᠲᠤᠯᠤᠭᠠᠢ ᠰᠢᠷᠠᠭᠲᠠᠵᠤ᠂ ᠪᠠᠷᠠᠭᠤᠨ ᠬᠦᠯ ᠬᠢᠲᠤᠭᠠᠯᠠᠭᠳᠠᠭᠰᠠᠨ ᠪᠠᠶᠢᠨ᠎ᠠ᠃ ᠰᠢᠷᠬᠠᠨ ᠤ ᠬᠤᠤᠷᠯᠠᠯ ᠳᠤ ᠪᠦᠬᠦ | ᠪᠡᠶ᠎ᠡ ᠱᠠᠷᠬᠢᠷᠠᠵᠤ ᠨᠦᠢᠷ ᠢᠶᠠᠨ ᠠᠯᠳᠠᠪᠠ᠃ ᠬᠦᠳᠡᠯᠵᠦ ᠴᠢᠳᠠᠯ ᠦᠭᠡᠢ ᠳᠡᠭᠡᠭᠰᠢ ᠬᠠᠷᠠᠵᠤ ᠬᠡᠪᠲᠡᠭᠰᠡᠭᠡᠷ᠃ | ᠡᠷᠲᠡ ᠶᠢᠨ ᠬᠤᠭᠤᠯᠠ ᠶᠢ ᠠᠪᠤ ᠬᠦᠷᠭᠡᠵᠦ ᠢᠷᠡᠪᠡ᠃ ᠪᠤᠴᠠᠵᠤ ᠵᠤᠭᠤᠰ ᠵᠤᠭ᠎ᠠ ᠴᠤᠭᠯᠠᠭᠤᠯᠤᠭᠠᠳ ᠡᠷᠲᠡ ᠶᠢᠨ | ᠮᠠᠰᠢᠨ ᠢᠶᠠᠷ ᠢᠷᠡᠭᠰᠡᠨ ᠪᠠᠶᠢᠵᠠᠢ᠃ ᠡᠭᠦᠳᠡ ᠤᠷᠤᠵᠤ ᠢᠷᠡᠮᠡᠭᠴᠡ ᠰᠡᠷᠭᠦᠭᠰᠡᠨ ᠢ ᠬᠠᠷᠠᠵᠤ ᠦᠨᠡᠰᠦᠷᠡᠭᠰᠡᠨ ᠴᠢᠷᠡᠢ | ᠳᠡᠭᠡᠷ᠎ᠡ ᠨᠢ ᠪᠠᠶᠠᠰᠤᠯ ᠤᠨ ᠦᠡᠭᠭᠡ ᠲᠤᠲᠤᠷᠠᠭᠰᠠᠨ ᠨᠢ ᠬᠤᠯᠠᠭᠠᠢ ᠬᠠᠷᠠᠴᠠ ᠳᠤ ᠤᠨᠠᠪᠠ᠃ | — — ᠰᠡᠷᠡᠴᠢᠭᠡᠭᠰᠡᠨ ᠶᠤᠮ ᠤᠤ︖ ᠠᠰᠢᠬᠦᠢ ᠳ᠋ᠠ ᠭᠡᠵᠦ ᠭᠠᠷ ᠲᠤ ᠬᠢ ᠢᠳᠡᠭᠡᠨ ᠢᠶᠠᠨ ᠤᠷᠤ ᠶᠢᠨ | ᠬᠠᠵᠠᠭᠤ ᠳᠤ ᠬᠢ ᠠᠪᠳᠠᠷ᠎ᠠ ᠳᠡᠭᠡᠷ᠎ᠡ ᠲᠠᠯᠪᠢᠪᠠ᠃ | — — ᠠᠯᠢ᠂ ᠬᠦᠤ ᠮᠢᠨᠢ ᠠᠮᠠ ᠪᠠᠨ ᠵᠠᠶᠢᠯᠠᠴᠢᠬᠠᠭᠠᠳ ᠡᠨᠡ ᠨᠠᠷᠢᠮᠤᠨ ᠰᠢᠩᠬᠡᠨ ᠢ ᠤᠭᠤᠴᠢ᠃ ᠪᠡᠶ᠎ᠡ | ᠴᠢᠨᠢ ᠲᠠᠮᠢᠷ ᠤᠷᠤᠬᠤ ᠶᠤᠮ᠃ | ᠰᠢᠯ ᠴᠤᠮᠤᠨ ᠤ ᠪᠤᠴᠠᠯᠤᠭᠰᠠᠨ ᠴᠠᠭᠠᠨ ᠤᠰᠤᠨ ᠳᠤ ᠰᠦᠯᠢᠶᠤᠤ ᠭᠤᠤᠷᠰᠤ ᠬᠠᠳᠬᠤᠭᠠᠳ ᠠᠮᠠᠨ ᠳᠤ | ᠰᠤᠷᠤᠭᠤᠯᠪᠠ᠃ ᠳᠠᠬᠢᠨ ᠠᠯᠴᠢᠭᠤᠷ ᠢᠶᠠᠷ ᠵᠠᠪᠠᠵᠢ ᠠᠴᠠ ᠭᠠᠳᠠᠭᠰᠢ ᠤᠷᠤᠰᠬᠤ ᠤᠰᠤ ᠶᠢ ᠲᠤᠰᠴᠤ ᠠᠪᠤᠨ᠎ᠠ᠃ | ᠬᠦᠳᠡᠭᠡ ᠶᠢᠨ ᠠᠪᠤ ᠳᠤ ᠪᠠᠶᠢᠮᠠᠷ ᠦᠭᠡᠢ ᠵᠠᠩ ᠢᠶᠠᠷ ᠬᠦᠡᠭᠬᠡᠮᠰᠦᠭᠯᠡᠵᠦ᠂ ᠬᠦᠭᠡᠷᠦᠬᠦᠢ ᠠᠪᠤ ᠮᠢᠨᠢ ᠬᠦᠤ ᠶᠢᠨ ᠢᠶᠠᠨ | ᠠᠮᠢ ᠲᠠᠢ ᠦᠯᠡᠳᠡᠭᠰᠡᠨ ᠳᠤ ᠬᠡᠤᠬᠡᠳ ᠰᠢᠭ ᠪᠠᠶᠠᠰᠴᠠᠢ᠃ ᠠᠪᠤᠷᠠᠯ ᠤᠨ ᠳᠡᠭᠡᠳᠦ ᠪᠤᠷᠬᠠᠨ ᠠᠪᠤ ᠮᠢᠨᠢ ᠡ᠃ | ᠲᠦᠭᠡᠷᠢᠭᠰᠡᠨ ᠬᠡᠤᠬᠡᠳ ᠭᠡᠷ ᠢᠶᠠᠨ ᠤᠯᠤᠭᠰᠠᠨ ᠰᠢᠭ᠋᠂ ᠪᠢ ᠠᠪᠤ ᠪᠠᠨ ᠦᠵᠡᠭᠡᠳ ᠠᠷᠭ᠎ᠠ ᠦᠭᠡᠢ ᠤᠶᠠᠰᠤᠨ᠂ | ᠨᠡᠷᠡᠯᠬᠡᠭᠰᠡᠨ ᠬᠤᠷᠤᠰᠤᠯ ᠭᠤᠮᠤᠳᠠᠯ ᠠᠭᠠᠵᠢᠮ ᠢᠶᠠᠷ ᠠᠯᠳᠠᠷᠠᠪᠠ᠃ ᠠᠪᠤ ᠳᠤ ᠪᠠᠨ ᠡᠷᠭᠡᠯᠡᠮᠡᠷ ᠰᠠᠨᠠᠭᠳᠠᠬᠤ ᠠᠪᠠᠴᠦ ᠪᠢ | ᠡᠷ᠎ᠡ ᠬᠦᠮᠦᠨ ᠤ ᠪᠦᠳᠦᠭᠦᠨ ᠵᠤᠷᠢᠭ ᠭᠠᠷᠭᠠᠵᠤ ᠬᠠᠰᠢᠨᠠ᠃ | ᠠᠪᠤ ᠨᠠᠷᠢᠮᠤ ᠶᠢᠨ ᠰᠢᠩᠬᠡᠨ ᠪᠤᠳᠠᠭ᠎ᠠ ᠪᠠᠨ ᠴᠤᠮᠤᠨ ᠳᠤ ᠬᠢᠵᠦ᠂ ᠳᠠᠬᠢᠨ ᠪᠦᠳᠦᠭᠦᠨ ᠰᠦᠯᠢᠶᠦᠤ ᠭᠤᠦᠷᠰᠤ | ᠬᠠᠳᠬᠤᠨ ᠠᠮᠠᠨ ᠳᠤ ᠰᠤᠷᠤᠭᠤᠯᠪᠠ᠃ ᠲᠤᠯᠤᠭᠠᠢ ᠬᠦᠳᠡᠯᠬᠦ ᠳᠤ ᠪᠡᠷᠬᠡ ᠪᠠᠶᠢᠪᠠ᠃ ᠡᠷᠡᠤ ᠬᠦᠳᠡᠯᠬᠦ ᠪᠦᠷᠢ ᠬᠤᠶᠠᠷ | ᠰᠠᠨᠴᠢᠭ ᠯᠤᠭᠰᠢᠨ ᠡᠪᠡᠷᠰᠢᠶᠡᠵᠦ᠂ ᠵᠠᠵᠢᠯᠬᠤ ᠳᠤ ᠨᠠᠩ ᠬᠦᠴᠢᠷ᠃ | — — ᠮᠠᠭᠤ ᠰᠠᠶᠢᠨ ᠦᠬᠢᠳ ᠤᠨ ᠲᠦᠯᠦᠭᠡ ᠠᠮᠢ ᠪᠠᠨ ᠠᠯᠳᠠᠬᠤ ᠨᠢ ᠤᠤ︖ ᠴᠢᠨᠤ ᠠᠮᠢ ᠭᠠᠭᠴᠠ | ᠴᠢᠨᠦ ᠬᠢ ᠪᠢᠰᠢ ᠭᠡᠳᠡᠭ ᠢ ᠴᠡᠭᠡᠵᠢᠯᠡ᠃ ᠴᠢ ᠪᠣᠯ ᠠᠪᠤ ᠡᠵᠢ ᠶᠢᠨ ᠢᠶᠠᠨ ᠠᠮᠢ ᠭᠤᠦᠯ ᠭᠡᠳᠡᠭ ᠢ ᠮᠡᠳᠡᠵᠦ ᠠᠪ᠃ | ᠠᠪᠤ ᠠᠵᠢᠯ ᠳᠤ ᠪᠦᠬᠡᠰᠢᠭᠰᠡᠨ ᠬᠠᠲᠠᠭᠤ ᠭᠠᠷ ᠤᠨ ᠢᠶᠠᠨ ᠡᠪ ᠲᠦᠢ ᠶᠢ ᠤᠯᠵᠤ᠂ ᠬᠦᠨᠵᠢᠯᠡ ᠶᠢ ᠢᠷᠡᠨ ᠬᠦᠯ ᠢ | ᠵᠠᠰᠠᠬᠤ ᠵᠠᠪᠰᠠᠷ ᠲᠤᠷᠤᠭᠰᠢ ᠬᠠᠷᠠᠭᠰᠠᠨ ᠬᠡᠪ ᠢᠶᠠᠷ ᠢᠶᠠᠨ ᠶᠠᠷᠢᠨ᠎ᠠ᠃ | — — ᠡᠷ᠎ᠡ ᠬᠦᠮᠦᠨ ᠤ ᠲᠠᠷᠬᠠᠨ ᠨᠡᠷ᠎ᠡ ᠬᠦᠨᠳᠦ ᠶᠢ ᠭᠤᠳᠤᠭᠠᠬᠤ ᠶᠢ ᠪᠢ ᠬᠦᠯᠢᠶᠡᠬᠦ ᠦᠭᠡᠢ᠃ ᠡᠨᠡ | ᠳᠡᠯᠡᠬᠡᠢ ᠳᠤ ᠶᠠᠭᠠᠬᠢᠬᠤ ᠳᠤ ᠪᠠᠨ ᠲᠡᠭᠡᠵᠦ ᠳᠠᠷᠤᠩᠭᠤᠢ ᠦᠭᠡᠶᠢᠳᠡᠨ ᠳᠠᠪᠠᠭᠤᠷᠠᠳᠠᠭ ᠬᠦᠮᠦᠨ ᠤᠯᠠᠨ ᠪᠠᠶᠢᠳᠠᠭ ᠢ ᠪᠤᠦ | ᠮᠡᠳᠡ᠃ | ᠪᠢ ᠦᠭᠡ ᠪᠠᠨ ᠨᠢᠭᠡᠳ ᠨᠢᠭᠡ ᠪᠠᠷ ᠵᠦᠭᠡᠭᠡᠵᠦ ᠵᠠᠨᠤᠯᠲᠠᠶᠢᠬᠠᠨ ᠬᠡᠯᠡᠪᠡ᠃ ᠬᠦᠯ ᠢ ᠪᠠᠵᠠᠯᠠᠨ ᠠᠮᠠᠷᠠᠭᠤᠯᠵᠤ | ᠪᠠᠶᠢᠭᠰᠠᠨ ᠠᠪᠤ ᠶᠢᠨ ᠭᠠᠷ ᠬᠦᠨᠵᠢᠯᠡ ᠲᠤᠲᠤᠷ᠎ᠠ ᠵᠤᠭ ᠲᠤᠰᠪᠠ᠃ ᠴᠢᠷᠠᠢ ᠨᠢ ᠶᠠᠮᠠᠷ ᠴᠦ ᠬᠤᠪᠢᠷᠠᠯ ᠦᠭᠡᠢ᠃ | ᠬᠠᠷᠠᠴᠠ ᠪᠠᠨ ᠲᠡᠷᠡ ᠡᠮᠡᠭᠲᠡᠢ — — ᠮᠢᠨᠦ ᠡᠵᠢ ᠪᠤᠯᠬᠤ ᠲᠡᠷᠡ ᠬᠦᠮᠦᠨ ᠳᠡᠭᠡᠷ᠎ᠡ ᠰᠠᠮ ᠬᠦᠶᠦᠯᠭᠡᠨ᠎ᠡ᠃ | ᠲᠡᠷᠡ ᠬᠦᠮᠦᠨ ᠨᠢ ᠯᠠ ᠬᠠᠯᠠᠭᠤᠨ ᠤᠰᠤᠨ ᠳᠤ ᠵᠤᠮᠤᠭᠠᠭᠳᠠᠭᠰᠠᠨ ᠰᠢᠭ᠋ ᠪᠠᠯᠲᠠᠯᠵᠠᠨ᠂ ᠵᠤᠪᠬᠢ ᠪᠠᠨ ᠵᠦᠯᠭᠦᠵᠦ | ᠵᠤᠭᠰᠤᠨ᠎ᠠ᠃ | ᠬᠤᠶᠠᠷ | ᠪᠢ ᠬᠡᠤᠬᠡᠳ ᠨᠠᠰᠤᠨ ᠳᠤ ᠪᠠᠨ ᠨᠢᠭᠡᠨᠲᠡ ᠡᠷ᠎ᠡ ᠬᠦᠮᠦᠨ ᠪᠤᠯᠴᠢᠬᠠᠭᠰᠠᠨ ᠤᠬᠠᠭᠠᠨ ᠲᠠᠢ᠃ ᠳᠠᠷᠤᠢ ᠠᠪᠤ ᠶᠢᠨ | ᠠᠷᠢᠬᠢᠨ ᠯᠤᠩᠬᠤ ᠪᠠᠨ ᠲᠡᠪᠡᠷᠢᠭᠡᠳ ᠰᠡᠮ ᠨᠢᠯᠪᠤᠰᠤᠷᠠᠬᠤ ᠶᠢ ᠬᠤᠯᠠᠭᠠᠶᠢᠯᠠᠨ ᠬᠠᠷᠠᠭᠰᠠᠨ ᠲᠡᠷᠡ ᠡᠳᠦᠷ ᠠᠴᠠ ᠪᠢ | ᠡᠷ᠎ᠡ ᠬᠦᠮᠦᠨ ᠪᠤᠯᠴᠢᠬᠠᠵᠠᠢ᠃ | ᠪᠠᠭ᠎ᠠ ᠰᠤᠷᠭᠠᠭᠤᠯᠢ ᠪᠠᠨ ᠲᠡᠭᠦᠰᠦᠭᠰᠡᠨ ᠵᠢᠯ ᠶᠤᠮ᠃ ᠠᠪᠤ ᠶᠢ ᠮᠢᠨᠢ ᠡᠶᠢᠨ ᠬᠦ ᠰᠡᠳᠬᠢᠯ ᠢᠶᠠᠷ ᠤᠨᠠᠭᠠᠨ | ᠰᠢᠨᠠᠯᠭᠠᠭᠰᠠᠨ ᠨᠢ ᠦᠭᠡᠷ᠎ᠡ ᠬᠦᠮᠦᠨ ᠪᠢᠰᠢ᠃ ᠯᠢᠩᠬᠸ᠎ᠠ ᠭᠡᠳᠡᠭ ᠲᠡᠷᠡ ᠨᠢᠬᠡᠨ ᠪᠦᠰᠡᠬᠦᠢ᠂ ᠳᠠᠷᠤᠢ ᠨᠠᠮ᠎ᠠ ᠶᠢ | ᠲᠦᠷᠦᠵᠦ ᠦᠰᠭᠡᠭᠰᠡᠨ ᠡᠵᠢ ᠶᠤᠮ᠃ ᠲᠤᠬᠠᠢ ᠶᠢᠨ ᠦᠶ᠎ᠡ ᠳᠤ ᠪᠢ ᠶᠠᠭ ᠠᠷᠪᠠᠨ ᠭᠤᠷᠪᠠᠲᠠᠢ᠃ | ᠪᠢ ᠰᠤᠮᠤᠨ ᠤ ᠲᠦᠪ ᠲᠤ ᠪᠢᠴᠢᠭ ᠦᠵᠡᠳᠡᠭ ᠤᠴᠢᠷ ᠠᠴᠠ ᠡᠵᠢ ᠴᠦ ᠨᠠᠮ᠎ᠠ ᠶᠢ ᠬᠠᠷᠠᠭᠠᠯᠵᠠᠬᠤ ᠪᠠᠷ ᠢᠷᠡᠵᠦ᠂ | ᠬᠤᠶᠠᠭᠤᠯᠠ ᠪᠠᠨ ᠭᠡᠷ ᠲᠦᠷᠢᠶᠡᠰᠦᠯᠡᠨ ᠰᠠᠭᠤᠳᠠᠭ᠃ ᠡᠵᠢ ᠭᠤᠷᠪᠠᠨ ᠴᠠᠭ ᠤᠨ ᠬᠤᠭᠤᠯᠠ ᠶᠢ ᠪᠡᠯᠡᠳᠬᠡᠵᠦ | ᠰᠠᠭᠤᠳᠠᠭ᠃ ᠭᠠᠷᠠᠭ ᠤᠨ ᠵᠢᠷᠭᠤᠭᠠᠨ᠂ ᠭᠠᠷᠠᠭ ᠤᠨ ᠡᠳᠦᠷ ᠪᠤᠯᠤᠭᠰᠠᠭᠠᠷ ᠠᠪᠤ ᠮᠠᠰᠢᠨ ᠲᠡᠷᠭᠡ ᠪᠠᠨ ᠵᠢᠯᠤᠭᠤᠳᠴᠤ | ᠢᠷᠡᠭᠡᠳ ᠮᠠᠨ ᠤ ᠬᠤᠶᠠᠷ ᠢ ᠲᠤᠰᠴᠤ ᠭᠡᠷ ᠲᠤ ᠪᠠᠨ ᠬᠠᠷᠢᠳᠠᠭ᠃ ᠶᠡᠷᠤ ᠶᠢᠨ ᠴᠠᠭ ᠠᠪᠤ ᠭᠡᠷ ᠲᠤ ᠪᠠᠨ ᠦᠯᠡᠳᠡᠵᠦ | ᠮᠠᠯ ᠢᠶᠠᠨ ᠮᠠᠯᠵᠢᠵᠤ ᠲᠠᠷᠢᠶᠠᠯᠠᠵᠤ ᠰᠠᠭᠤᠳᠠᠭ ᠶᠤᠮ᠃ | ᠨᠢᠭᠡ ᠦᠳᠡ ᠳᠤ ᠪᠢ ᠰᠤᠷᠭᠠᠭᠤᠯᠢ ᠠᠴᠠ ᠪᠠᠨ ᠪᠤᠴᠠᠬᠤ ᠳᠤ ᠡᠵᠢ ᠬᠤᠭᠤᠯᠠ ᠪᠠᠨ ᠴᠦ ᠪᠡᠯᠡᠳᠬᠡᠭᠡ ᠦᠭᠡᠢ᠂ | ᠭᠠᠷ ᠤᠳᠠᠰᠤ ᠪᠠᠨ ᠤᠷᠤᠯᠳᠤᠵᠤ ᠯᠠ ᠰᠠᠭᠤᠨ᠎ᠠ᠃ ᠶᠡᠭᠡᠳᠡ ᠲᠠᠶᠢᠪᠤᠭᠤ ᠠᠯᠳᠠᠷᠠᠨ ᠰᠡᠳᠬᠢᠯ ᠠᠯᠭᠠᠰᠤᠩᠭᠤᠢ | ᠪᠠᠶᠢᠴᠠ ᠲᠠᠢ᠃ | — — ᠡᠵᠢ ᠡ᠂ ᠬᠤᠭᠤᠯᠠ ᠪᠠᠨ ᠬᠢᠭᠡᠳᠦᠢ ᠤᠤ︖ | — — ᠡ᠂ ᠡᠮᠤ᠂ ᠰᠤᠴᠢᠭᠠᠵᠤ ᠠᠯᠠᠬᠤ ᠨᠢ ᠤᠤ︖ ᠡᠨᠡ ᠬᠦᠤ ᠴᠢᠨᠢ᠃ ᠶᠠᠭᠠᠬᠢᠭᠰᠠᠨ ᠨᠠᠮ ᠵᠢᠮ | ᠤᠷᠤᠵᠤ ᠢᠷᠡᠭᠡᠳ ᠁ ᠡᠵᠢ ᠶᠢᠨ ᠴᠢᠷᠠᠢ ᠬᠡᠰᠡᠭ ᠴᠠᠶᠢᠷᠠᠨ ᠬᠡᠰᠡᠭ ᠤᠯᠠᠶᠢᠵᠤ᠂ ᠨᠢᠳᠤ ᠨᠢ ᠤᠷᠤᠨ ᠲᠤᠷᠤᠨ | ᠦᠭᠡᠢ ᠪᠤᠯᠪᠠ᠃ | — — ᠪᠢ ᠦᠯᠦᠰᠴᠦ ᠪᠠᠶᠢᠬᠤ ᠳᠤ ᠲᠠ ᠡᠳᠦᠷᠵᠢᠨ ᠭᠠᠷ ᠤᠳᠠᠰᠤ ᠤᠷᠤᠯᠳᠤᠭᠠᠳ ᠁ ᠪᠢ | ᠠᠮᠠᠨ ᠳᠤ ᠪᠠᠨ ᠲᠦᠳᠦᠨᠡᠪᠡ᠃ ᠦᠨᠡᠬᠡᠷ ᠰᠢᠦ ᠤᠷᠴᠢᠮ ᠤᠨ ᠬᠡᠳᠤᠨ ᠰᠠᠷ᠎ᠠ ᠡᠵᠢ ᠶᠢᠨ ᠭᠠᠷ ᠤᠲᠠᠰᠤᠨ ᠤ | ᠬᠠᠯᠠ ᠨᠢ ᠶᠡᠭᠡᠰᠴᠦ᠂ ᠡᠵᠢ ᠴᠢᠯᠤᠭᠡ ᠭᠠᠷᠤᠭᠰᠠᠭᠠᠷ ᠯᠠ ᠭᠠᠷ ᠤᠲᠠᠰᠤ ᠪᠠᠨ ᠤᠷᠤᠯᠳᠤᠵᠤ ᠰᠠᠭᠤᠳᠠᠭ ᠪᠤᠯᠪᠠ᠃ | ᠪᠢ ᠡᠵᠢ ᠶᠢᠨ ᠬᠠᠭᠠᠷᠢᠭᠰᠠᠨ ᠰᠢᠬᠢᠷᠳᠤ ᠪᠤᠦᠪᠤ ᠶᠢ ᠢᠳᠡᠭᠡᠳ ᠰᠤᠷᠭᠠᠭᠤᠯᠢ ᠳᠤ ᠪᠠᠨ ᠶᠠᠪᠤᠭᠰᠠᠨ ᠶᠤᠮ᠃ | ᠤᠷᠤᠢ ᠨᠢ ᠰᠤᠷᠭᠠᠭᠤᠯᠢ ᠲᠠᠷᠬᠠᠭᠠᠳ ᠲᠦᠷᠢᠶᠡᠰᠦᠨ ᠭᠡᠷ ᠲᠤ ᠪᠠᠨ ᠪᠤᠴᠠᠬᠤ ᠳᠤ ᠠᠪᠤ ᠢᠷᠡᠴᠢᠬᠡᠭᠡᠳ ᠴᠢᠷᠡᠢ | ᠮᠠᠭᠤᠲᠡᠢ ᠰᠠᠭᠤᠵᠤ ᠪᠠᠶᠢᠪᠠ᠃ ᠡᠵᠢ ᠶᠢᠨ ᠨᠢᠳᠦ ᠬᠠᠪᠤᠩᠨᠠᠨ ᠤᠯᠠᠶᠢᠳᠪᠠ᠃ ᠡᠵᠢ ᠶᠢᠨ ᠭᠠᠷ ᠤᠲᠠᠰᠤ ᠴᠦ ᠭᠠᠵᠠᠷ | ᠰᠠᠪᠠᠭᠲᠠᠭᠰᠠᠨ ᠠᠶᠠᠲᠠᠢ ᠰᠠᠯᠪᠠᠷᠠᠴᠢᠬᠠᠭᠰᠠᠨ ᠬᠠᠷᠠᠭᠳᠠᠨ᠎ᠠ᠃ | ᠰᠠᠭᠤᠵᠤ ᠲᠡᠶᠢᠯᠬᠦ ᠦᠭᠡᠢ ᠪᠣᠯ ᠰᠠᠯᠴᠢᠬᠠᠶᠠ᠃ ᠪᠢᠲᠡᠬᠡᠢ ᠳᠡᠰᠪᠤᠷᠢ ᠠᠯᠳᠠᠵᠤ ᠨᠢᠭᠤᠷ ᠢ ᠪᠠᠷᠠᠭᠠᠳ ᠪᠠᠢ᠃ ᠴᠢ | ᠢᠴᠢᠵᠦ ᠵᠤᠪᠠᠭ᠋ᠤ ᠨᠢᠭᠤᠷ ᠦᠭᠡᠢ ᠴᠦ ᠬᠦᠤ ᠪᠠᠨ ᠪᠤᠳᠤ ᠡ᠃ | — — ᠪᠢ ᠶᠠᠭᠤ ᠴᠦ ᠬᠢᠭᠡ ᠦᠭᠡᠢ ᠪᠠᠶᠢᠬᠤ ᠳᠤ᠃ ᠴᠢ ᠬᠠᠷᠢᠨ ᠪᠤᠰᠤᠳ ᠤᠨ ᠦᠭᠡ ᠶᠢ ᠢᠲᠡᠭᠡᠵᠦ᠂ | ᠮᠢᠨᠦ ᠬᠢ ᠶᠢ ᠢᠲᠡᠭᠡᠳᠡᠭ ᠦᠭᠡᠢ᠃ | — — ᠴᠢ ᠦᠨᠡᠨ ᠢᠴᠢᠬᠦ ᠨᠢᠭᠤᠷ ᠲᠤ ᠪᠠᠨ ᠢᠰᠡᠭᠡᠢ ᠬᠠᠳᠠᠴᠢᠬᠠᠵᠠᠢ ᠬᠦᠢ᠃ ᠲᠡᠭᠡᠭᠡᠳ ᠲᠡᠷᠡ ᠴᠠᠬᠢᠮ | ᠴᠢᠮᠡᠭᠡ ᠨᠤᠭᠤᠳ ᠴᠢᠨᠢ ᠶᠠᠮᠠᠷ ᠤᠴᠢᠷ ᠪᠤᠢ︖ ᠴᠢ ᠲᠠᠶᠢᠯᠪᠤᠷᠢᠯᠠᠵᠤ ᠠᠯᠢ ᠳ᠋ᠠ᠃ ᠵᠦᠭᠡᠷ ᠰᠠᠭᠤᠵᠤ ᠴᠢᠳᠠᠯ | ᠦᠭᠡᠢ ᠬᠦᠮᠦᠨ ᠤ ᠡᠷ᠎ᠡ ᠳᠤ ᠰᠠᠨᠠᠯ᠎ᠠ ᠪᠤᠳᠤᠯ᠎ᠠ ᠭᠡᠵᠦ ᠴᠢᠮᠡᠭᠡ ᠶᠠᠪᠤᠭᠤᠯᠳᠠᠭ ᠤᠤ︖ ᠬᠦᠮᠦᠨ ᠤ ᠭᠡᠷ ᠢ ᠴᠦ | ᠦᠢᠮᠡᠬᠦᠯᠵᠦ ᠤᠷᠬᠢᠯ᠎ᠠ᠃ ᠤᠳᠤ ᠶᠠᠭᠠᠬᠢᠳᠠᠭ ᠢ ᠴᠢᠨᠢ ᠦᠵᠡᠶ᠎ᠡ᠃ ᠤᠳᠠᠯ ᠦᠭᠡᠢ ᠬᠦᠮᠦᠨ ᠢᠷᠡᠵᠦ ᠦᠰᠢᠶ᠎ᠡ ᠪᠠᠨ | ᠠᠪᠬᠤ ᠶᠤᠮ᠃ ᠰᠡᠪᠡᠰᠦ ᠦᠭᠡᠢ ᠠᠮᠢᠳᠠᠨ᠃ ᠢᠡᠭᠬᠢᠵᠦ ᠨᠡᠷ᠎ᠡ ᠨᠢᠭᠤᠷ ᠢᠶᠠᠨ ᠪᠠᠷᠠᠵᠤ ᠠᠮᠢᠳᠤᠷᠠᠬᠤ ᠪᠠᠷ | ᠦᠬᠦᠴᠢᠬᠡᠭᠰᠡᠨ ᠨᠢ ᠳᠡᠭᠡᠷ᠎ᠡ ᠡ᠃ | — — ᠪᠢ ᠦᠬᠦᠴᠢᠬᠡᠪᠡᠯ ᠴᠢ ᠪᠠᠶᠠᠷᠯᠠᠬᠤ ᠨᠢ ᠡ᠃ ᠴᠢ ᠶᠠᠷᠤ ᠨᠢ ᠨᠠᠮ᠎ᠠ ᠶᠢ ᠬᠦᠮᠦᠨ ᠢᠶᠠᠷ ᠪᠤᠳᠤᠵᠤ | ᠦᠵᠡᠳᠡᠭ ᠦᠭᠡᠢ ᠶᠤᠮ ᠴᠢᠨᠢ᠃ | — — ᠬᠡᠷᠡᠭ ᠢᠶᠠᠨ ᠬᠢᠴᠢᠬᠡᠭᠡᠳ ᠬᠦᠮᠦᠨ ᠠᠴᠠ ᠪᠤᠷᠤᠭᠤ ᠡᠷᠢᠬᠦ ᠨᠢ ᠤᠤ︖ ᠪᠢ ᠴᠢᠮ᠎ᠠ ᠶᠢ ᠭᠦᠤ ᠪᠠᠨ | ᠬᠠᠷᠠᠵᠤ ᠰᠠᠭᠤ ᠭᠡᠵᠤ ᠭᠡᠷ ᠲᠦᠷᠢᠶᠡᠰᠤᠯᠡᠬᠦᠯᠦᠨ ᠦᠭᠭᠦᠭᠰᠡᠨ ᠠᠴᠠ ᠪᠢᠰᠢ ᠪᠤᠰᠤᠳ ᠤᠨ ᠡᠷ᠎ᠡ ᠶᠢ ᠬᠤᠯᠠᠭᠤᠵᠤ | ᠰᠠᠭᠤ ᠭᠡᠵᠤ ᠭᠡᠷ ᠳᠦᠷᠢᠶᠡᠰᠦᠯᠡᠵᠦ ᠦᠭᠭᠦᠭᠰᠡᠨ ᠪᠢᠰᠢ᠃ ᠲᠡᠷᠡ ᠬᠦᠮᠦᠨ ᠲᠠᠢ ᠪᠠᠨ ᠬᠠᠶᠢᠷ᠎ᠠ ᠰᠡᠳᠬᠢᠯ ᠲᠠᠢ | ᠪᠤᠯᠴᠢᠬᠠᠭᠰᠠᠨ ᠪᠣᠯ ᠡᠷᠢᠵᠦ ᠤᠴᠢᠭᠠᠳ ᠰᠠᠭᠤ ᠳ᠋ᠠ᠃ ᠬᠤᠶᠠᠭᠤᠯᠠ ᠪᠠᠨ ᠤᠷᠤᠭ ᠰᠠᠯᠤᠶ᠎ᠠ ᠴᠢ ᠶᠠᠭᠠᠷᠠᠯᠭᠠᠨ ᠦᠭᠡᠢ | ᠃ | ᠠᠪᠤ ᠭᠡᠷ ᠲᠤ ᠪᠠᠨ ᠪᠤᠴᠠᠪᠠ᠃ ᠡᠵᠢ ᠪᠢᠳᠡ ᠬᠤᠶᠡᠷ ᠲᠦᠷᠢᠶᠡᠰᠦᠨ ᠭᠡᠷ ᠲᠤ ᠪᠠᠨ ᠦᠯᠡᠳᠡᠯ᠎ᠡ᠃ ᠡᠵᠢ | ᠤᠷᠤᠢ ᠶᠢᠨ ᠬᠤᠭᠤᠯᠠ ᠪᠠᠨ ᠬᠢᠭᠰᠡᠨ ᠴᠦ ᠳᠠᠭᠤ ᠦᠭᠡᠢ ᠲᠤᠮᠪᠤᠶᠢᠨ ᠰᠠᠭᠤᠨ᠎ᠠ᠃ | — — ᠡᠵᠢ ᠡ︕ ᠠᠪᠤ ᠲᠠ ᠬᠤᠶᠠᠷ ᠶᠠᠭᠠᠬᠢᠴᠢᠬᠠᠪᠠ︖ | — — ᠶᠠᠭᠠᠬᠢᠭ᠎ᠠ ᠴᠤ ᠦᠭᠡᠢ᠃ ᠮᠢᠨᠤ ᠬᠦᠤ ᠤᠨᠲᠠᠵᠤ ᠠᠮᠠᠷᠠ᠃ ᠮᠠᠷᠭᠠᠰᠢ ᠪᠠᠰᠠ ᠡᠷᠲᠡᠯᠡᠨ ᠪᠤᠰᠬᠤ | ᠦᠭᠡᠢ ᠤᠤ︖ | ᠪᠢ ᠤᠷᠤᠢ ᠶᠢᠨ ᠳᠠᠰᠬᠠᠯ ᠢᠶᠠᠨ ᠳᠠᠭᠤᠰᠬᠠᠵᠤ᠂ ᠬᠦᠯ ᠭᠠᠷ ᠢᠶᠠᠨ ᠤᠬᠢᠶᠠᠭᠠᠳ ᠤᠨᠲᠠᠪᠠ᠃ ᠡᠵᠢ ᠶᠢᠨ | ᠤᠨᠲᠠᠭᠰᠠᠨ ᠡᠰᠡᠬᠦ ᠶᠢ ᠤᠪᠠᠶᠢᠯᠠᠭᠠ ᠦᠭᠡᠢ᠃ ᠠᠷᠪᠠᠭᠠᠳ ᠨᠠᠰᠤᠨ ᠤ ᠬᠡᠤᠬᠡᠳ ᠤᠨ ᠤᠢ ᠲᠤᠢ ᠳᠤ ᠰᠠᠭᠤᠮᠠ | ᠦᠭᠡᠢ ᠶᠡᠬᠡᠴᠤᠦᠯ ᠤᠨ ᠬᠡᠷᠡᠭᠦᠯ ᠭᠠᠶᠢᠬᠠᠰᠢ ᠲᠦᠷᠦᠭᠦᠯᠦᠨ᠎ᠡ᠃ ︽ᠮᠢᠨᠤ ᠡᠵᠢ ᠯᠠᠪ ᠲᠡᠶᠢᠮᠤ ᠬᠦᠮᠦᠨ ᠪᠢᠰᠢ᠃ ᠠᠪᠤ | ᠯᠠᠪ ᠪᠤᠷᠤᠭᠤ ᠤᠶᠢᠯᠠᠭᠠᠭᠰᠠᠨ ᠪᠠᠶᠢᠯᠭᠦᠢ᠃ ᠭᠡᠬᠦ ᠳᠤ ᠠᠪᠤ ᠶᠢᠨ ᠲᠦᠷᠢ ᠬᠡᠴᠡᠭᠦᠤ ᠦᠨᠡᠨ ᠪᠠᠶᠢᠨ᠎ᠠ᠃ ᠦᠨᠡᠨ | ᠤᠷᠤᠭ ᠰᠠᠯᠪᠠᠯ ᠪᠢ ᠶᠠᠭᠠᠬᠢᠳᠠᠭ ᠪᠢᠯᠠ︖︾ ᠭᠡᠵᠦ ᠶᠢᠰᠦᠨ ᠵᠦᠢᠯ ᠢ ᠪᠤᠳᠤᠵᠤ ᠶᠠᠪᠤᠬᠤ ᠪᠤᠯᠤᠭᠰᠠᠨ ᠪᠠᠶᠢᠯ᠎ᠠ᠃ | ᠡᠨᠡ ᠭᠠᠷᠠᠭ ᠤᠨ ᠵᠢᠷᠭᠤᠭᠠᠨ ᠳᠤ ᠠᠪᠤ ᠮᠠᠨ ᠢ ᠲᠤᠰᠬᠤ ᠪᠠᠷ ᠢᠷᠡᠭᠡ ᠦᠭᠡᠢ ᠤᠴᠢᠷ ᠠᠴᠠ ᠡᠵᠢ ᠪᠢᠳᠡ ᠬᠤᠶᠠᠷ | ᠵᠡᠭᠡᠯᠢ ᠲᠤᠭᠤᠷᠢᠯ᠎ᠠ᠃ ᠪᠠᠭ᠎ᠠ ᠰᠠᠭ᠎ᠠ ᠪᠢᠷ ᠴᠠᠭᠠᠰᠤ ᠠᠪᠤᠭᠰᠠᠨ ᠢᠶᠠᠨ ᠬᠤᠪᠴᠠᠰᠤᠨ ᠤ ᠳᠡᠯᠭᠡᠭᠦᠷ ᠢᠶᠠᠷ ᠤᠷᠤᠪᠠ᠃ | ᠦᠨᠡᠨ ᠳᠤ ᠪᠠᠨ ᠡᠵᠢ ᠪᠢᠳᠡ ᠬᠤᠶᠡᠷ ᠬᠡᠨ ᠨᠢ ᠴᠦ ᠬᠤᠪᠴᠠᠰᠤ ᠠᠪᠬᠤ ᠪᠠᠷ ᠦᠭᠡᠢ ᠶᠤᠮ᠃ ᠵᠦᠪᠬᠡᠨ ᠡᠵᠢ | ᠭᠡᠷ ᠲᠤ ᠰᠠᠭᠤᠭᠠᠳ ᠲᠤᠯᠤᠭᠠᠢ ᠡᠪᠡᠳᠦᠭᠡᠳ ᠪᠠᠶᠢᠨ᠎ᠠ ᠭᠡᠳ ᠵᠤᠭᠠᠯᠠᠬᠤ ᠪᠠᠷ ᠭᠠᠷᠤᠭᠰᠠᠨ ᠲᠡᠲᠦᠢ᠃ | — — ᠬᠦᠱᠢ᠂ ᠯᠢᠩᠬᠸ᠎ᠠ ᠡ᠃ ᠴᠢ ᠵᠤᠭᠰᠤᠵᠤ ᠪᠠᠢ︕ | ᠡᠵᠢ ᠪᠢᠳᠠ ᠬᠤᠶᠠᠷ ᠭᠡᠳᠡᠷᠭᠦ ᠡᠷᠭᠢᠪᠡ᠃ ᠠᠳᠤᠷᠢᠶᠠᠳᠤᠭᠰᠠᠨ ᠭᠡᠵᠢᠭᠡ ᠲᠠᠢ ᠦᠨᠳᠦᠷᠬᠡᠨ ᠪᠡᠶ᠎ᠡ ᠲᠠᠢ ᠨᠢᠭᠡ | ᠪᠦᠰᠡᠬᠦᠢ ᠡᠵᠢ ᠶᠢ ᠬᠤᠷᠤᠭᠤ ᠪᠠᠷ ᠢᠶᠠᠨ ᠵᠢᠭᠠᠭᠰᠠᠭᠠᠷ ᠬᠦᠷᠴᠦ ᠢᠷᠡᠪᠡ᠃ | — — ᠨᠢᠭᠤᠷ ᠦᠭᠡᠢ ᠶᠠᠩᠬᠠᠨ ᠡᠮ᠎ᠡ᠃ ᠡᠷ᠎ᠡ ᠴᠢᠨᠢ ᠴᠢᠮ᠎ᠠ ᠲᠡᠵᠢᠭᠡᠵᠦ ᠲᠡᠶᠢᠯᠬᠦ ᠪᠠᠨ ᠪᠤᠯᠢᠪᠠ ᠤᠤ︖ | ᠪᠡᠶ᠎ᠡ ᠪᠠᠨ ᠬᠤᠳᠠᠯᠳᠤᠵᠤ ᠬᠤᠶᠡᠷ ᠵᠤᠭᠤᠰ ᠰᠤᠯᠢᠳᠠᠭ ᠨᠢ᠃ ᠴᠢ ᠪᠡᠶ᠎ᠡ ᠪᠠᠨ ᠶᠠᠭᠤ ᠪᠠᠷ ᠦᠵᠡᠪᠡ ᠡ᠃ ᠲᠦᠮᠡᠨ | ᠬᠦᠮᠦᠨ ᠤ ᠨᠠᠭᠠᠳᠤᠮ ᠤᠨ ᠪᠠᠭᠠᠵᠢ ᠪᠠᠶᠢᠭᠠᠳ᠃ | — — ᠴᠢ ᠰᠤᠯᠢᠶᠠᠷᠠᠵᠤ ᠪᠠᠶᠢᠬᠤ ᠤᠤ︖ ᠶᠠᠭᠤ ᠳᠤᠷ᠎ᠠ ᠪᠠᠷ ᠢᠶᠠᠨ ᠴᠠᠯᠴᠠᠭᠠᠳ᠃ ᠪᠢ ᠡᠷ᠎ᠡ ᠲᠠᠢ | ᠴᠢᠨᠢ ᠨᠡᠶᠢᠯᠡᠭᠰᠡᠨ ᠢ ᠴᠢ ᠨᠢᠳᠤ ᠪᠠᠷ ᠢᠶᠠᠨ ᠦᠵᠡᠭᠰᠡᠨ ᠤᠤ︖ ᠡᠵᠢ ᠪᠠᠰᠠ ᠬᠦᠯᠢᠶᠡᠵᠦ ᠦᠭᠬᠦ ᠦᠭᠡᠢ᠃ | ᠪᠢ ᠬᠠᠷᠢᠨ ᠰᠢᠷᠪᠡᠭᠡᠳᠤᠯ ᠭᠡᠳᠡᠭ ᠶᠠᠭᠤᠮᠠᠨ ᠳᠤ ᠪᠠᠯᠪᠠ ᠴᠤᠬᠢᠭᠳᠠᠪᠠ᠃ | — — ᠠᠶ᠎ᠠ︕ ᠶᠠᠭᠠᠬᠢᠭᠰᠠᠨ ᠨᠢᠭᠤᠷ ᠪᠦᠬᠡ ᠡᠮ᠎ᠡ ᠪᠤᠢ︖ ᠴᠢ ᠬᠡᠷᠡᠴᠢ ᠠᠪᠬᠤ ᠰᠠᠨᠠᠭ᠎ᠠ ᠲᠠᠢ ᠤᠤ︖ | ᠴᠢ ᠡᠷ᠎ᠡ ᠪᠠᠨ ᠬᠠᠭᠤᠷᠴᠤ ᠴᠢᠳᠠᠪᠠᠴᠤ ᠨᠠᠮ᠎ᠠ ᠶᠢ ᠬᠠᠭᠤᠷᠴᠤ ᠴᠢᠳᠠᠬᠤ ᠦᠭᠡᠢ ᠰᠢᠤ᠃ ᠡᠷ᠎ᠡ ᠬᠦᠤ ᠪᠠᠨ ᠪᠠᠶᠢᠬᠤ | ᠦᠭᠡᠢ ᠦᠶ᠎ᠡ ᠳᠤ ᠴᠢᠨᠤ ᠬᠡᠷᠬᠢᠨ ᠪᠤᠰᠤᠳ ᠡᠷᠡᠰ ᠲᠠᠢ ᠪᠤᠯᠵᠤᠳᠠᠭ ᠢ ᠴᠢᠨᠢ ᠪᠦᠷ ᠮᠡᠳᠡᠨ᠎ᠡ ᠰᠢᠤ᠃ ᠴᠢ ᠪᠠᠰᠠ | ᠦᠭᠡᠶᠢᠰᠭᠡᠬᠦ ᠰᠠᠨᠠᠭ᠎ᠠ ᠲᠠᠢ ᠤᠤ︖ ᠡᠷ᠎ᠡ ᠶᠢᠨ ᠢᠶᠠᠨ ᠨᠢᠭᠤᠷ ᠲᠤ ᠪᠠᠭᠠᠰᠤ ᠲᠦᠯᠬᠢᠭᠰᠡᠨ ᠤᠯᠢᠭ ᠦᠭᠡᠢ ᠠᠮᠢᠳᠠᠨ᠃ | | — — ᠦᠪᠡᠷ ᠤᠨ ᠡᠷ᠎ᠡ ᠪᠠᠨ ᠬᠠᠮᠢᠶᠠᠷᠴᠤ ᠴᠢᠳᠠᠬᠤ ᠦᠭᠡᠢ ᠪᠠᠶᠢᠭᠠᠳ ᠠᠳᠡ ᠢᠷᠡᠵᠦ ᠡᠷᠡᠶᠢᠵᠦ ᠶᠠᠭᠤ | ᠬᠢᠨ᠎ᠡ︖ | ᠡᠵᠢ ᠶᠢ ᠬᠡᠯᠡᠵᠦ ᠪᠠᠷᠠᠬᠤ ᠠᠴᠠ ᠡᠮᠤᠨ᠎ᠡ ᠲᠡᠷᠡ ᠠᠨᠢᠶ᠎ᠠ ᠨᠢᠭᠡᠨᠲᠡ ᠲᠦᠭᠦᠰᠢᠯᠡᠪᠡ᠃ ᠪᠢ ᠬᠤᠭᠤᠷᠤᠨᠳᠤ ᠨᠢ | ᠤᠷᠤᠵᠤ ᠰᠠᠯᠭᠠᠪᠠ᠃ ᠤᠯᠠᠨ ᠬᠦᠮᠦᠨ ᠬᠤᠯᠠᠭᠤᠷ ᠲᠤᠭᠤᠷᠢᠨ ᠵᠤᠭᠰᠤᠵᠤ ᠰᠢᠪᠡᠨᠡᠯᠳᠤᠨᠡ᠃ ᠪᠦᠬᠦ ᠪᠡᠶᠡᠨ ᠠᠴᠠ | ᠬᠦᠯᠦᠰᠦ ᠴᠢᠬᠢᠭᠯᠡᠨ ᠨᠢᠯᠪᠤᠰᠤ ᠨᠢᠳᠤᠨ ᠳᠤ ᠬᠤᠷᠠᠵᠤ᠂ ᠲᠤᠳᠤᠷ᠎ᠠ ᠬᠠᠯᠠᠭᠤ ᠤᠷᠭᠢᠨ ᠳᠠᠪᠴᠢᠭᠤᠳᠠᠨᠠ᠃ ᠪᠢ | ᠡᠵᠢ ᠶᠢ ᠴᠢᠩᠭᠠᠭᠠᠬᠤ ᠶᠢᠨ ᠠᠴᠢ ᠪᠠᠷ ᠲᠡᠷᠡ ᠠᠨᠢᠶ᠎ᠠ ᠠᠴᠠ ᠰᠠᠯᠭᠠᠵᠤ ᠠᠪᠤᠪᠠ᠃ ᠲᠤᠬᠤᠨ ᠠᠷᠤ ᠠᠴᠠ ᠲᠡᠷᠡ | ᠠᠨᠢᠶ᠎ᠠ ᠶᠢᠨ ᠰᠤᠨᠤᠰᠪᠤᠷᠢ ᠮᠠᠭᠤᠲᠠᠢ ᠬᠠᠷᠢᠶᠠᠯ ᠭᠡᠵᠢᠭᠡᠳᠡᠭᠰᠡᠭᠡᠷ᠃ | ᠦᠳᠡ ᠶᠢᠨ ᠬᠤᠶᠢᠨ᠎ᠠ ᠪᠢ ᠠᠶᠢᠯ ᠤᠨ ᠲᠡᠷᠭᠡ ᠲᠠᠭᠠᠷᠠᠵᠤ ᠭᠡᠷ ᠲᠤ ᠪᠠᠨ ᠬᠠᠷᠢᠪᠠ᠃ ᠡᠵᠢ ᠲᠦᠷᠢᠶᠡᠰᠦᠨ | ᠭᠡᠷ ᠲᠤ ᠪᠠᠨ ᠦᠯᠡᠳᠡᠯ᠎ᠡ᠃ ᠡᠵᠢ ᠶᠠᠭᠤ ᠴᠦ ᠶᠠᠷᠢᠭᠰᠠᠨ ᠦᠭᠡᠢ᠃ ᠪᠢ ᠴᠦ ᠶᠠᠭᠤ ᠴᠦ ᠤᠬᠤᠴᠢᠯᠠᠭᠰᠠᠨ ᠦᠭᠡᠢ᠃ | ᠭᠡᠨᠡᠳᠲᠡ ᠠᠪᠤ ᠪᠠᠨ ᠶᠡᠭᠡ ᠰᠠᠨᠠᠬᠤ ᠪᠠᠷ ᠭᠡᠷ ᠲᠤ ᠪᠠᠨ ᠬᠠᠷᠢᠭᠰᠠᠨ ᠶᠤᠮ᠃ ᠨᠠᠮ᠎ᠠ ᠶᠢ ᠬᠤᠷᠤᠭᠠᠨ ᠡᠭᠦᠳᠡ ᠪᠠᠷ | ᠤᠷᠤᠵᠤ ᠤᠴᠢᠬᠤ ᠳᠤ ᠭᠡᠷ ᠤᠷᠤᠴᠠ ᠮᠢᠨᠢ ᠢᠯᠢᠮ ᠵᠢᠯᠢᠮ᠃ ᠡᠭᠡᠭᠡ ᠯᠠ ᠪᠤᠯᠠᠰᠢᠨ ᠤ ᠭᠠᠵᠠᠷ ᠰᠢᠭ᠋ ᠰᠠᠨᠠᠭᠳᠠᠨ᠎ᠠ᠃ | ᠭᠡᠷ ᠤᠨ ᠡᠭᠦᠳᠡ ᠨᠡᠬᠡᠭᠡᠯᠲᠡᠲᠡᠢ ᠴᠦ ᠶᠠᠮᠠᠷ ᠴᠦ ᠠᠨᠢᠷ ᠴᠢᠮᠡᠭᠡ ᠦᠭᠡᠢ᠃ ᠦᠴᠦᠬᠡᠨ ᠴᠦ ᠤᠳᠤᠭ᠎ᠠ ᠤᠨᠢᠶᠠᠷ ᠴᠦ | ᠦᠭᠡᠢ᠃ ︽ᠠᠪᠤ ᠮᠢᠨᠢ ᠶᠠᠭᠠᠬᠢᠯ᠎ᠠ︖︾ ᠭᠡᠵᠦ ᠪᠤᠳᠤᠬᠤ ᠠᠴᠠ ᠲᠤᠳᠤᠷ᠎ᠠ ᠡᠮᠢᠶᠡᠵᠦ ᠬᠦᠯ ᠢᠶᠠᠨ ᠬᠦᠡᠭᠭᠡᠭᠡᠨ | ᠵᠦᠭᠡᠭᠡᠨ ᠲᠤᠳᠤᠭᠰᠢᠯᠠᠪᠠ᠃ ᠬᠦᠴᠦᠲᠡᠢ ᠠᠮᠢᠰᠬᠤᠵᠤ ᠴᠦ ᠴᠢᠳᠠᠬᠤ ᠦᠭᠡᠢ ᠪᠠᠶᠢᠪᠠ᠃ ᠲᠤᠳᠤᠷ᠎ᠠ ᠭᠡᠷ ᠤᠨ | ᠡᠭᠦᠳᠡᠨ ᠰᠢᠯ ᠢᠶᠠᠷ ᠰᠡᠮᠬᠡᠨ ᠱᠠᠭᠠᠶᠢᠪᠠ᠃ | ᠠᠪᠤ ᠭᠠᠭᠴᠠᠭᠠᠷ ᠢᠶᠠᠨ ᠪᠠᠶᠢᠨ᠎ᠠ᠃ ᠨᠢᠭᠡ ᠫᠢᠯᠠ ᠳᠠᠪᠤᠰᠤᠯᠠᠭᠰᠠᠨ ᠨᠤᠭᠤᠭ᠎ᠠ ᠳᠠᠯᠪᠢᠵᠦ ᠠᠷᠢᠬᠢᠳᠠᠵᠤ ᠪᠠᠶᠢᠨ᠎ᠠ᠃ | ᠪᠦᠳᠦᠬᠦᠨ ᠠᠯᠠᠭ᠎ᠠ ᠪᠠᠷ ᠢᠶᠠᠨ ᠨᠢᠭᠤᠷ ᠢᠶᠠᠨ ᠪᠠᠶᠢᠨ ᠳᠠᠬᠢᠨ ᠠᠷᠴᠢᠨ᠎ᠠ᠃ ᠡᠷᠡᠬᠡᠢ ᠬᠤᠷᠤᠭᠤ ᠪᠠ ᠳᠤᠯᠢᠶᠠᠪᠤᠷ | ᠬᠤᠷᠤᠭᠤ ᠪᠠᠷ ᠢᠶᠠᠨ ᠬᠠᠮᠠᠷ ᠢᠶᠠᠨ ᠴᠢᠮᠬᠢᠨ ᠨᠢᠰᠤ ᠪᠠᠨ ᠠᠷᠢᠯᠭᠠᠨ᠎ᠠ᠃ ᠳᠠᠬᠢᠨ ᠰᠢᠯ ᠴᠤᠮᠤ ᠪᠠᠨ ᠠᠪᠴᠤ ᠬᠦᠨᠳᠤᠷᠴᠦ | ᠪᠠᠶᠢᠨ᠎ᠠ᠃ | ᠠᠪᠤ ᠶᠢᠨ ᠪᠢᠲᠡᠭᠦᠤ ᠭᠤᠨᠢᠭ ᠡᠯᠢᠭᠡ ᠶᠢ ᠮᠢᠨᠢ ᠡᠮᠲᠡᠷᠡᠭᠦᠯᠪᠡ᠃ ᠨᠢᠯᠪᠤᠰᠤ ᠳᠤᠷ᠎ᠠ ᠪᠠᠷ ᠤᠷᠤᠰᠤᠨ᠎ᠠ᠃ ᠪᠢ | ᠲᠡᠷᠡᠬᠦᠭᠡᠨ ᠵᠠᠭᠤᠷ᠎ᠠ ᠲᠤᠮᠤᠭᠠᠵᠢᠵᠤ᠂ ᠡᠷ᠎ᠡ ᠬᠦᠮᠦᠨ ᠡᠷ᠎ᠡ ᠬᠦᠮᠦᠨ ᠳᠤ ᠪᠠᠨ ᠠᠷᠭ᠎ᠠ ᠦᠭᠡᠢ ᠭᠦᠨ ᠬᠠᠶᠢᠷᠠᠲᠠᠢ | ᠪᠠᠶᠢᠳᠠᠭ ᠢ ᠵᠢᠷᠤᠬᠡ ᠪᠠᠷ ᠢᠶᠠᠨ ᠮᠡᠳᠡᠷᠡᠪᠡ᠃ | ︽ᠬᠦᠭᠡᠷᠦᠬᠦᠢ ᠠᠪᠤ ᠮᠢᠨᠢ᠃ ᠬᠦᠤ ᠴᠢᠨᠢ ᠴᠢᠮ᠎ᠠ ᠳᠤ ᠪᠠᠨ ᠬᠠᠶᠢᠷᠠᠲᠠᠢ᠃︾ ᠪᠢ ᠪᠤᠴᠠᠵᠤ ᠠᠯᠬᠤᠪᠠ᠃ ᠪᠢ | ᠳᠠᠬᠢᠨ ᠬᠤᠷᠤᠭᠠᠨ ᠡᠭᠦᠳᠡ ᠠᠴᠠ ᠳᠠᠭᠤᠨ ᠴᠢᠮᠡᠭᠡ ᠲᠠᠢ ᠪᠠᠷ ᠤᠷᠤᠵᠤ ᠤᠴᠢᠬᠤ ᠴᠢᠬᠤᠯᠠᠳᠠᠢ᠃ | ᠭᠤᠷᠪᠠ | ᠠᠪᠤ ᠪᠤᠴᠠᠭᠰᠠᠨ ᠨᠢ ᠯᠠᠪ ᠨᠢᠭᠡ ᠡᠳᠦᠷ ᠪᠠᠷ᠎ᠠ ᠦᠭᠡᠢ᠃ ᠪᠢ ᠴᠦ ᠳᠠᠭᠤ ᠦᠭᠡᠢ ᠲᠦᠡᠭᠰᠦᠭᠦᠷ ᠨᠢᠭᠡ ᠡᠳᠦᠷ ᠢ | ᠦᠡᠭᠭᠡᠷᠡᠭᠦᠯᠪᠡ᠃ ᠭᠠᠷᠴᠠᠭ᠎ᠠ ᠦᠭᠡᠢ ᠡᠵᠢ ᠮᠦᠨ ᠭᠡᠵᠦ ᠴᠠᠭᠠᠨ᠎ᠠ ᠪᠠᠨ ᠮᠡᠳᠡᠷᠡᠪᠡᠴᠦ ᠨᠢᠭᠤᠷᠯᠡᠨ ᠳᠠᠭᠤᠳᠠᠬᠤ ᠶᠢ | ᠴᠡᠭᠡᠷᠯᠡᠨ᠎ᠡ᠃ ᠡᠨᠡ ᠬᠦᠮᠦᠨ ᠯᠠ ᠬᠤᠭᠤᠯᠠ ᠤᠮᠳᠠ᠂ ᠡᠮ ᠲᠠᠩ ᠬᠡᠮᠡᠨ ᠪᠦᠭᠴᠦᠭᠡᠨᠡᠨ ᠭᠦᠶᠦᠨ᠎ᠡ᠃ | ᠤᠨᠲᠠᠯᠭ᠎ᠠ ᠶᠢᠨ ᠦᠶ᠎ᠡ ᠳᠤ ᠪᠦᠯᠢᠶᠡᠨ ᠤᠰᠤ ᠠᠪᠴᠢᠷᠠᠨ ᠤᠷᠢᠳᠠᠪᠠᠷ ᠨᠢᠭᠤᠷ ᠲᠤᠯᠤᠭᠠᠢ ᠶᠢ ᠬᠦᠡᠭᠭᠡᠬᠡᠨ ᠮᠦᠷᠲᠡᠭᠡᠨ | ᠱᠠᠯᠠᠮᠠᠭ ᠠᠷᠴᠢᠵᠤ᠂ ᠳᠠᠷᠠᠭ᠎ᠠ ᠨᠢ ᠴᠡᠭᠡᠵᠢᠨ ᠪᠡᠶ᠎ᠡ᠂ ᠵᠡᠭᠦᠤ ᠲᠠᠷᠢᠯᠭ᠎ᠠ ᠲᠠᠢ ᠬᠤᠶᠠᠷ ᠭᠠᠷ ᠢ ᠬᠢᠴᠢᠶᠡᠮᠵᠢᠯᠡᠨ | ᠠᠷᠴᠢᠨ᠎ᠠ᠃ | ᠬᠤᠶᠠᠷ ᠠᠨᠢᠰᠬ᠎ᠠ ᠨᠢ ᠬᠠᠪᠤᠩᠨᠠᠨ ᠴᠢᠷᠠᠢ ᠨᠢ ᠴᠤᠬᠤᠷᠲᠠᠵᠤ᠂ ᠦᠨᠳᠡᠭᠡᠨ ᠬᠠᠴᠠᠷ ᠤᠨ ᠨᠢᠮᠬᠡᠨ ᠠᠷᠠᠰᠤ ᠶᠢᠨ | ᠴᠠᠭᠠᠨ᠎ᠠ ᠦᠨᠳᠦᠷ ᠮᠤᠳᠤᠨ ᠤ ᠦᠨᠳᠦᠰᠦ ᠰᠠᠯᠠᠭ᠎ᠠ ᠬᠡᠮᠡᠷ ᠵᠤᠷᠪᠤᠰ ᠵᠤᠷᠪᠤᠰ ᠤᠯᠠᠭᠠᠨ ᠬᠦᠷᠠᠩ ᠰᠤᠳᠠᠰᠤ ᠢᠯᠡᠬᠡᠨ | ᠬᠠᠷᠠᠭᠳᠠᠨ᠎ᠠ᠃ ᠬᠤᠶᠠᠷ ᠰᠠᠨᠴᠢᠭ ᠨᠢ ᠬᠤᠨᠭ᠍ᠬᠤᠶᠢᠨ ᠱᠤᠪᠳᠦ᠋ᠢᠵᠤ᠂ ᠪᠤᠲᠠᠷᠬᠠᠢ ᠭᠡᠵᠢᠭᠡ ᠨᠢ ᠦᠷᠪᠤᠶᠢᠨ ᠪᠠᠭᠤᠭᠰᠠᠨ | ᠪᠠᠶᠢᠪᠠ᠃ ᠦᠵᠡᠬᠦ ᠳᠤ ᠡᠨᠡ ᠬᠦᠮᠦᠨ ᠲᠡᠨᠡᠭ ᠤᠶᠢᠯᠠ ᠶᠢᠨ ᠢᠶᠠᠨ ᠨᠢᠭᠦᠯ ᠤᠨ ᠦᠷ᠎ᠡ ᠶᠢ ᠠᠮᠰᠠᠵᠤ ᠪᠠᠶᠢᠬᠤ ᠨᠢ | ᠢᠯᠡᠳᠲᠡ᠃ | ᠬᠠᠮᠤᠭ ᠰᠡᠭᠦᠯ ᠳᠤ ᠠᠷᠠᠰᠤ ᠨᠢ ᠰᠤᠯᠠᠷᠠᠨ ᠰᠤᠳᠠᠯ ᠰᠢᠷᠪᠤᠰᠤ ᠨᠢ ᠭᠦᠷᠪᠤᠶᠢᠭ᠍ᠰᠡᠨ ᠲᠡᠷᠡ ᠬᠤᠦᠰ ᠭᠠᠷ ᠨᠦᠢᠲᠠᠨ | ᠠᠯᠴᠢᠭᠤᠷ ᠢᠶᠠᠷ ᠬᠤᠶᠠᠷ ᠬᠦᠯ ᠵᠢᠴᠢ ᠠᠷᠪᠠᠨ ᠬᠤᠷᠤᠭᠤᠨ ᠤ ᠰᠠᠯᠠᠭ᠎ᠠ ᠪᠦᠬᠦᠨ ᠢ ᠠᠯᠳᠠᠯ ᠦᠭᠡᠢ ᠨᠠᠷᠢᠨ ᠠᠷᠴᠢᠪᠠ᠃ | | — — ᠠ᠂ ᠬᠦᠤ ᠮᠢᠨᠢ ᠰᠠᠶᠢᠨ ᠤᠨᠲᠠᠵᠤ ᠠᠮᠠᠷᠠᠭᠠᠷᠠᠢ︕ | ᠬᠠᠷᠢᠭᠤ ᠤᠯᠬᠤ ᠦᠭᠡᠢ ᠪᠠᠨ ᠮᠡᠳᠡᠵᠤ᠂ ᠬᠡᠯᠡᠵᠦ ᠪᠠᠷᠠᠮᠠᠭᠴᠠ ᠵᠡᠷᠭᠡᠯᠡᠳᠡᠭᠡ ᠲᠡᠮᠦᠷ ᠤᠷᠤ ᠤᠷᠤᠭᠤ ᠶᠤᠭᠤᠪᠠ᠃ | | ᠳᠦᠴᠢ ᠭᠠᠷᠤᠭᠰᠠᠨ ᠨᠠᠰᠤ ᠠᠵᠢ᠃ ᠶᠠᠳᠠᠷᠠᠯ ᠤᠨ ᠬᠠᠯᠠ ᠶᠢ ᠭᠡᠳᠦᠢ ᠯᠠ ᠳᠠᠭᠠᠭᠠᠬᠤ ᠭᠡᠵᠦ ᠳ᠋ᠠ᠃ ᠲᠦᠳᠡᠯ | ᠦᠭᠡᠢ ᠡᠵᠢ ᠨᠠᠮ ᠬᠤᠷᠬᠢᠷᠠᠬᠤ ᠲᠤᠭᠤᠯᠳᠠᠪᠠ᠃ | ᠳ᠋ᠸᠡᠭ ᠤᠨ ᠭᠡᠷᠡᠯ ᠳᠤᠦᠷᠠᠬᠢ ᠦᠪᠴᠢ ᠴᠠᠭᠠᠨ ᠶᠢᠷᠳᠢᠨᠴᠦ ᠤᠨᠴᠠ ᠶᠢᠨ ᠵᠢᠪᠡᠭᠦᠨ ᠴᠢᠯᠳᠡᠩ ᠰᠠᠨᠠᠭᠳᠠᠨ᠎ᠠ᠃ | ᠳ᠋ᠧᠡᠭ ᠤᠨ ᠴᠡᠭᠡᠨ ᠭᠡᠷᠡᠯ ᠶᠠᠮᠠᠷ ᠨᠢᠭᠡᠨ ᠦᠯᠦ ᠦᠵᠡᠭᠳᠡᠭᠴᠢ ᠬᠦᠴᠦᠨ ᠢᠶᠠᠷ ᠪᠡᠶ᠎ᠡ ᠶᠢᠨ ᠰᠢᠮ᠎ᠡ ᠰᠢᠭᠦᠰᠦ ᠶᠢ | ᠰᠤᠭᠤᠴᠢᠬᠤ ᠰᠢᠭ᠋᠃ ᠬᠡᠭᠦᠷ ᠪᠡᠶ᠎ᠡ ᠮᠢᠨᠢ ᠲᠠᠮᠢᠷ ᠰᠤᠯᠠᠳᠠᠨ ᠨᠤᠵᠤᠭᠤᠷᠠᠨ᠎ᠠ᠃ ᠬᠤᠶᠠᠷ ᠬᠦᠯ ᠴᠢᠨᠤᠷᠠᠨ ᠯᠤᠭᠰᠢᠵᠤ᠂ | ᠳᠠᠪᠤᠰᠠᠩ ᠳᠡᠭᠡᠷ᠎ᠡ ᠱᠠᠷᠬᠢᠷᠠᠨ ᠬᠤᠦᠷᠯᠠᠨᠠ᠃ ᠰᠢᠩᠬᠡᠨ ᠪᠡᠶᠡᠳᠤ ᠭᠠᠳᠠᠭᠰᠢᠯᠠᠬᠤ ᠰᠠᠨᠠᠭ᠎ᠠ ᠲᠠᠢ ᠠᠳᠠᠯ᠎ᠠ ᠶᠠᠮᠠᠷ ᠨᠢᠭᠡᠨ | ᠬᠤᠷᠢᠭ᠎ᠠ ᠴᠡᠭᠡᠷ ᠲᠤ ᠠᠪᠲᠠᠨ ᠭᠠᠳᠠᠭᠰᠢᠯᠠᠵᠤ ᠡᠰᠡ ᠴᠢᠳᠠᠨ᠎ᠠ᠃ ᠲᠤᠯᠤᠭᠠᠢ ᠴᠦ ᠤᠯᠠᠮ ᠢᠶᠠᠷ ᠲᠦᠨᠡᠷᠡᠬᠦ ᠪᠠᠷ ᠪᠢ | ᠬᠦᠮᠦᠬᠡᠢ ᠪᠠᠨ ᠵᠠᠭᠤᠨ ᠲᠡᠰᠪᠦᠷᠢᠯᠡᠪᠡ᠃ ᠴᠠᠭ ᠮᠦᠴᠡ ᠶᠢ ᠬᠠᠮᠢᠶᠠᠷᠳᠠᠭ ᠡᠵᠡᠨ ᠨᠢ ᠮᠠᠩᠬᠠᠨ ᠲᠤᠯᠤᠭᠠᠳ ᠤᠨ | ᠪᠤᠷᠭᠠᠰᠤᠨ ᠤ ᠪᠤᠳᠠᠨ ᠳᠤ ᠨᠢᠭᠤᠭᠳᠠᠴᠢᠬᠠᠭᠰᠠᠨ ᠰᠢᠭ᠋᠂ ᠴᠠᠭ ᠮᠦᠴᠡ ᠤᠷᠤᠨ ᠠᠴᠠ ᠪᠠᠨ ᠬᠦᠳᠡᠯᠬᠦ ᠦᠭᠡᠢ ᠯᠠ | ᠪᠠᠶᠢᠯ᠎ᠠ᠃ ︽ᠶᠠᠭᠠᠬᠢᠭᠰᠠᠨ ᠤᠷᠳᠤ ᠰᠦᠨᠢ ᠪᠤᠢ︖︾ ᠪᠡᠶ᠎ᠡ ᠵᠤᠪᠠᠭᠤᠷᠢᠯᠠᠬᠤ ᠪᠠᠷ ᠪᠢ ᠡᠷᠬᠡ ᠦᠭᠡᠢ ᠭᠠᠰᠠᠯᠪᠠ᠃ | ᠡᠪᠡᠷᠰᠢᠶᠡᠯ ᠨᠠᠮᠬᠠᠷᠠᠯ ᠤᠨ ᠲᠤᠮᠳᠠ ᠪᠢ ᠵᠡᠭᠦᠷᠮᠡᠭᠯᠡᠵᠦ ᠪᠠᠶᠢᠭᠰᠠᠨ ᠢᠶᠠᠨ ᠤᠡᠲᠠᠵᠤ᠂ ᠦᠳᠡ ᠠᠴᠠ ᠤᠷᠢᠳᠠᠭᠤᠷ | ᠯᠠ ᠰᠠᠷᠠᠪᠠ᠃ ᠰᠡᠷᠡᠬᠦ ᠳᠤ ᠠᠪᠤ ᠢᠷᠡᠴᠢᠬᠡᠭᠰᠡᠨ ᠪᠠᠶᠢᠨ᠎ᠠ᠃ ᠭᠠᠷ ᠲᠤ ᠪᠠᠨ ᠨᠦᠢᠲᠠᠨ ᠠᠯᠴᠢᠭᠤᠷ ᠪᠠᠷᠢᠵᠤ | ᠤᠷᠤᠨ ᠤ ᠬᠠᠵᠠᠭᠤ ᠳᠤ ᠵᠤᠭᠰᠤᠨ᠎ᠠ᠃ | — — ᠰᠡᠷᠭᠦᠴᠢᠬᠡᠭᠰᠡᠨ ᠤᠤ︖ ᠬᠦᠤ ᠮᠢᠨᠢ᠃ ᠴᠤᠬᠤᠮ ᠤᠷᠲᠦ ᠬᠤᠭᠤᠴᠠᠭ᠎ᠠ ᠬᠠᠯᠠᠭᠤᠷᠠᠯᠠ ᠰᠢᠤ᠃ | ᠠᠪᠤ ᠶᠢᠨ ᠨᠠᠰᠤᠨ ᠠᠴᠠ ᠪᠠᠨ ᠡᠷᠲᠡ ᠦᠲᠡᠯᠦᠭᠰᠡᠨ ᠨᠢᠮᠬᠡᠨ ᠰᠢᠷᠠᠩᠭᠤᠢ ᠴᠢᠷᠠᠢ ᠳᠤ ᠪᠠᠶᠠᠷ ᠤᠨ ᠤᠴᠢ ᠴᠠᠯᠬᠢᠪᠠ᠃ | — — ᠴᠤᠬᠤᠮ ᠶᠠᠭᠠᠬᠢᠴᠢᠬᠠᠭᠰᠠᠨ ᠶᠤᠮ ᠪᠤᠢ︖ ᠵᠦᠪᠬᠡᠨ ᠭᠠᠳᠠᠷ ᠰᠢᠷᠬ᠎ᠠ ᠲᠡᠳᠦᠢ ᠰᠢᠳᠡ᠃ | ᠶᠠᠭᠠᠬᠢᠨ ᠶᠠᠪᠤᠬᠤ ᠲᠤᠰᠤᠮ ᠬᠦᠨᠳᠦᠷᠡᠭᠡᠳ᠃ ᠪᠢ ᠡᠮᠴᠢ ᠳᠤ ᠲᠠᠪᠠ ᠦᠭᠡᠢ ᠪᠠᠶᠢᠨ᠎ᠠ ᠡ᠃ | ᠮᠢᠨᠤ ᠦᠭᠡᠨ ᠠᠴᠠ ᠪᠤᠯᠤᠭᠰᠠᠨ ᠭᠡᠨᠡᠳᠳᠡ ᠶᠢᠨ ᠴᠤᠴᠢᠷᠳᠠᠯ ᠢᠶᠠᠨ ᠠᠪᠤ ᠳᠠᠷᠦ᠋ᠢᠬᠠᠨ ᠦᠭᠡᠳᠡ ᠴᠢᠷᠠᠢ ᠪᠠᠷ | ᠬᠠᠯᠬᠠᠯᠠᠵᠤ᠄ | — — ᠬᠠᠮᠢᠶ᠎ᠠ ᠦᠭᠡᠢ ᠰᠢᠤ᠃ ᠵᠤᠳᠤᠯᠳᠤᠭᠠᠨ ᠲᠤᠮᠳᠠ ᠲᠤᠳᠤᠷ᠎ᠠ ᠪᠦᠭᠡᠷ᠎ᠡ ᠴᠢᠨᠢ ᠪᠠᠭ᠎ᠠ | ᠰᠢᠷᠬᠠᠳᠤᠭᠰᠠᠨ ᠭᠡᠨ᠎ᠡ᠃ ᠬᠠᠯᠠᠭᠤᠷᠠᠬᠤ ᠴᠢᠨᠢ ᠵᠤᠭᠰᠤᠭᠰᠠᠭᠠᠷ ᠮᠠᠰᠠ ᠵᠠᠰᠠᠯ ᠬᠢᠬᠦ ᠪᠤᠯᠤᠨ᠎ᠠ᠃ ᠬᠦᠡᠭᠬᠡᠨ ᠮᠠᠰᠠ | ᠵᠠᠰᠠᠯ ᠰᠢᠤ᠃ ᠠᠪᠤ ᠡᠪᠡᠷᠰᠢᠨ ᠬᠠᠲᠠᠭᠤᠷᠠᠭᠰᠠᠨ ᠠᠯᠠᠭ᠎ᠠ ᠪᠠᠨ ᠮᠠᠩᠨᠠᠢ ᠳᠡᠭᠡᠷ᠎ᠡ ᠮᠢᠨᠢ ᠲᠠᠯᠪᠢᠭᠠᠳ᠄ | — — ᠬᠠᠯᠠᠭᠤᠷᠠᠬᠤ ᠪᠠᠨ ᠪᠤᠯᠢᠪᠠ᠃ ᠡᠮᠴᠢ ᠶᠢ ᠳᠠᠭᠤᠳᠠᠶ᠎ᠠ ᠭᠡᠪᠡ᠃ | — — ᠠᠪᠤ ᠭᠠᠭᠴᠠᠭᠠᠷ ᠪᠠᠶᠢᠬᠤ ᠤᠤ︖ | — — ᠲᠡᠶᠢᠮᠦ ᠯᠠᠢ᠃ ᠡᠵᠢ ᠴᠢᠨᠢ ᠬᠠᠷᠢᠴᠢᠬᠠᠪᠠ᠃ ᠭᠡᠷ ᠤᠨ ᠠᠵᠢᠯ ᠴᠦ ᠤᠪᠤᠭᠠᠷᠠᠯᠳᠤᠭᠠᠳ ᠁ | — — ᠶᠠᠪᠤᠭᠰᠠᠨ ᠨᠢ ᠳᠡᠭᠡᠷ᠎ᠡ᠃ | — — ᠶᠠᠭᠤ︖ | ᠪᠢ ᠬᠠᠷᠢᠭᠤ ᠦᠭᠡᠢ ᠪᠤᠯᠪᠠ᠃ ︽ᠨᠢᠳᠤᠨ ᠳᠤ ᠦᠷᠳᠦᠭᠰᠡᠭᠡᠷ ᠲᠠᠭ᠎ᠠ ᠦᠭᠡᠢ ᠪᠤᠯᠬᠤ ᠶᠤᠮ︾ ᠭᠡᠵᠦ ᠬᠡᠯᠡᠬᠦ | ᠰᠢᠬᠠᠯ᠎ᠠ᠃ ᠠᠪᠤ ᠲᠡᠮᠦᠷ ᠤᠷᠤ ᠪᠤᠯᠤᠨ ᠡᠭᠦᠳᠡᠨ ᠤ ᠬᠤᠭᠤᠷᠤᠨᠳᠤ ᠬᠤᠷᠤᠮ ᠲᠦᠲᠡᠭᠡᠯᠵᠡᠨ ᠵᠤᠭᠰᠤᠭᠰᠠᠨ ᠢᠶᠠᠨ | ᠳᠠᠬᠢᠨ ᠪᠤᠴᠠᠵᠤ ᠢᠷᠡᠪᠡ᠃ ᠬᠠᠪᠤᠩᠨᠠᠨ ᠯᠠᠪᠲᠠᠶᠢᠭᠰᠠᠨ ᠴᠢᠷᠠᠶᠢᠨ ᠳᠤ ᠨᠢ ᠶᠠᠮᠠᠷ ᠴᠦ ᠦᠡᠭᠭᠡ ᠠᠯᠠᠭ᠎ᠠ᠃ ᠶᠡᠭᠡ | ᠲᠦᠪᠯᠡᠭᠦᠨ ᠴᠢᠩᠭ᠎ᠠ ᠪᠠᠶᠢᠪᠠ᠃ | — — ᠬᠦᠤ ᠮᠢᠨᠢ ᠤᠳᠤ ᠬᠦᠮᠦᠨ ᠤ ᠵᠡᠷᠭᠡ ᠳᠤ ᠬᠦᠷᠴᠢᠬᠡᠭᠰᠡᠨ ᠪᠠᠶᠢᠨ᠎ᠠ᠃ ᠵᠠᠷᠢᠮ ᠤᠴᠢᠷ ᠢ ᠨᠠᠷᠢᠨ | ᠲᠤᠩᠭᠠᠬᠤ ᠴᠢᠬᠤᠯᠠ ᠲᠠᠢ ᠰᠢᠤ᠃ ᠡᠵᠢ ᠴᠢᠨᠢ ᠶᠠᠮᠠᠷ ᠠᠯᠳᠠᠭ᠎ᠠ ᠲᠤᠲᠠᠭᠳᠠᠯ ᠲᠠᠢ ᠴᠦ ᠴᠢᠮ᠎ᠠ ᠳᠤ ᠪᠠᠨ ᠪᠤᠯ ᠠᠮᠢ | ᠨᠠᠰᠤ ᠤᠯᠭᠤᠭᠰᠠᠨ ᠠᠴᠢ ᠲᠠᠢ ᠬᠦᠮᠦᠨ᠃ ᠠᠷᠪᠠᠨ ᠰᠠᠷ᠎ᠠ ᠠᠴᠢᠨ ᠪᠠᠶᠢᠵᠤ᠂ ᠠᠩᠬᠢᠷ ᠤᠭᠤᠷᠠᠭ ᠢᠶᠠᠨ | ᠰᠢᠮᠡᠭᠦᠯᠦᠭᠰᠡᠨ ᠠᠴᠢ ᠲᠠᠢ ᠬᠦᠮᠦᠨ᠃ ᠡᠵᠢ ᠪᠠᠨ ᠭᠠᠳᠠᠭᠤᠷᠰᠢᠶᠠᠵᠤ ᠪᠤᠯᠬᠤ ᠦᠭᠡᠢ᠃ ᠡᠬᠡ ᠬᠦᠮᠦᠨ ᠤ | ᠰᠡᠳᠬᠢᠯ ᠳᠤ ᠦᠷ᠎ᠡ ᠪᠤᠯ ᠵᠢᠷᠦᠬᠡ ᠨᠢ ᠪᠠᠶᠢᠳᠠᠭ᠃ ᠡᠵᠢ ᠶᠢᠨ ᠬᠠᠶᠢᠷ᠎ᠠ ᠳᠤ ᠠᠯᠠᠭ ᠦᠭᠡᠢ ᠰᠢᠤ᠃ ᠮᠢᠨᠦ ᠬᠦᠤ | ᠡᠵᠢ ᠪᠠᠨ ᠰᠡᠳᠬᠢᠯ ᠳᠤ ᠪᠠᠨ ᠰᠠᠭᠤᠯᠭᠠᠵᠤ ᠶᠠᠪᠤᠬᠤ ᠬᠡᠷᠡᠭᠲᠡᠢ᠃ | ᠠᠪᠤ ᠲᠠᠯᠪᠢᠭᠤᠨ ᠶᠠᠷᠢᠭᠠᠳ ᠬᠠᠷᠢᠭᠤ ᠬᠦᠯᠢᠶᠡᠨ᠎ᠡ᠃ ᠬᠠᠮᠠᠷ ᠱᠠᠷᠬᠢᠷᠠᠬᠤ ᠪᠠᠷ ᠪᠢ ᠤᠷᠤᠭᠤᠯ ᠢᠶᠠᠨ | ᠬᠠᠵᠠᠯᠬᠢᠯᠠᠵᠤ᠂ ᠬᠠᠷᠠᠴᠠ ᠪᠠᠨ ᠪᠤᠷᠤᠭᠤᠯᠪᠠ᠃ ᠲᠡᠷᠡ ᠪᠦᠬᠦᠨ ᠢ ᠪᠢ ᠪᠦᠷ ᠤᠶᠢᠯᠠᠭᠠᠨ᠎ᠠ᠃ ᠲᠡᠭᠡᠬᠦ ᠳᠤ ᠲᠡᠳᠡᠭᠡᠷ | ᠭᠠᠵᠠᠷ ᠤᠨ ᠴᠠᠪ ᠲᠤ ᠳᠠᠷᠤᠵᠤ ᠬᠠᠶᠠᠭᠰᠠᠨ ᠪᠠᠷᠠᠭᠠᠨ ᠰᠡᠭᠦᠳᠡᠷ ᠤᠳ ᠢᠰᠡᠭᠡᠢ ᠳᠤ ᠵᠠᠭᠤᠷᠠᠯᠳᠤᠭᠰᠠᠨ ᠬᠤᠨᠢᠨ | ᠵᠠᠩᠭᠤᠦ ᠰᠢᠭ᠋ ᠪᠦᠬᠦ ᠪᠡᠶ᠎ᠡ ᠶᠢ ᠤᠷᠢᠶᠠᠯᠭᠠᠵᠤ ᠭᠠᠷᠤᠨ᠎ᠠ᠃ ᠪᠢ ᠨᠢᠳᠤ ᠪᠠᠨ ᠠᠨᠢᠭᠠᠳ ᠲᠡᠷᠡ ᠲᠤᠲᠤᠷ᠎ᠠ ᠪᠠᠨ | ᠰᠢᠷᠬᠢᠬᠦ ᠳᠤ ᠠᠪᠤ ᠬᠦᠡᠭᠬᠡᠨ ᠰᠡᠭᠦᠷᠡᠰᠦᠯᠡᠭᠡᠳ ᠭᠠᠷᠴᠤ ᠶᠠᠪᠤᠪᠠ᠃ | ᠨᠠᠮ᠎ᠠ ᠶᠢ ᠮᠠᠰᠠ ᠵᠠᠰᠠᠯ ᠬᠢᠵᠦ ᠨᠡᠯᠢᠶᠡᠳ ᠡᠷᠡᠭᠦᠯᠵᠢᠳᠡᠯᠡ ᠡᠵᠢ ᠶᠠᠷᠦ ᠢᠷᠡᠭᠡ ᠦᠭᠡᠢ᠃ ᠭᠠᠭᠴᠠ ᠬᠦ ᠠᠪᠤ ᠯᠠ | ᠨᠠᠮ᠎ᠠ ᠶᠢ ᠠᠰᠠᠷᠠᠪᠠ᠃ ᠠᠪᠤ ᠪᠠᠶᠢᠨ ᠪᠠᠶᠢᠨ ︽ᠭᠠᠳᠠᠭᠤᠷ ᠭᠠᠷᠤᠭᠠᠳ ᠳᠠᠮᠠᠬᠢᠯᠠᠭᠠᠳ ᠢᠷᠡᠶ᠎ᠡ︾ ᠭᠡᠳ ᠭᠠᠷᠴᠤ | ᠶᠠᠪᠤᠨ᠎ᠠ᠃ ᠠᠪᠤ ᠶᠢᠨ ᠮᠠᠷᠢᠶ᠎ᠠ ᠨᠢ ᠮᠡᠳᠡᠭᠳᠡᠮ᠎ᠡ ᠰᠢᠭᠤᠷᠠᠵᠤ᠂ ᠨᠦᠢᠷ ᠠᠯᠲᠠᠭᠰᠠᠨ ᠤᠯᠠᠭᠠᠨ ᠰᠤᠳᠠᠰᠤ ᠲᠠᠢ | ᠨᠢᠳᠤᠨ ᠳᠤ ᠨᠢ ᠶᠠᠭᠤ ᠨᠢᠭᠡᠨ ᠳᠤ ᠪᠤᠯᠤᠭᠰᠠᠨ ᠰᠠᠨᠠᠭᠠᠰᠢᠷᠠᠯ ᠨᠢᠭᠤᠭᠳᠠᠭ᠎ᠠ ᠶᠢ ᠪᠢ ᠰᠡᠷᠡᠵᠦ ᠪᠠᠶᠢᠪᠠ᠃ ︽ᠠᠷᠠᠢ | ᠲᠡᠷᠡ ᠬᠦᠮᠦᠨ ᠠᠪᠤ ᠪᠢᠳᠡ ᠬᠤᠶᠠᠷ ᠢ ᠬᠠᠶᠠᠭᠠᠳ ᠵᠢᠯᠢᠢᠴᠢᠬᠡᠭᠰᠡᠨ ᠦᠭᠡᠢ ᠪᠠ︖ ᠪᠠᠷ᠎ᠠ ᠲᠠᠰᠤ ᠪᠠᠶᠢᠬᠤ ᠪᠠᠷ︾ | ᠭᠡᠬᠦ ᠪᠤᠳᠤᠯ ᠴᠦᠢᠳᠧᠩ ᠤᠨ ᠭᠠᠯ ᠰᠢᠭ᠋ ᠵᠢᠷᠢᠰᠬᠢᠭᠡᠳ ᠦᠡᠭᠭᠡᠷᠡᠨ᠎ᠡ᠃ ᠠᠪᠤ ᠠᠴᠠ ᠴᠦ ᠠᠰᠠᠭᠤᠵᠤ ᠴᠢᠳᠠᠭ᠎ᠠ | ᠦᠭᠡᠢ᠃ ᠭᠤᠮᠤᠷᠬᠠᠯ ᠳᠤ ᠴᠦᠭᠦᠷᠡᠵᠦ᠂ ᠮᠦᠰᠦᠨ ᠤᠷᠤ ᠳᠡᠭᠡᠷ᠎ᠡ ᠬᠡᠪᠲᠡᠭᠡ ᠰᠢᠭ᠃ ︽ᠶᠠᠭᠠᠬᠢᠯ᠎ᠠ ᠴᠦ ᠨᠢᠭᠡ | ᠤᠴᠢᠷ ᠪᠤᠯᠵᠤ ᠳ᠋ᠠ᠃︾ ᠠᠮᠢᠰᠬᠤᠯ ᠴᠢᠬᠤᠯᠳᠠᠵᠤ ᠲᠤᠯᠤᠭᠠᠢ ᠲᠦᠢᠷᠡᠨᠡ᠃ ᠴᠡᠭᠡᠵᠢᠨ ᠳᠤ ᠬᠡᠢ ᠰᠠᠭᠭᠠᠵᠤ᠂ | ᠲᠦᠷᠪᠡᠨ ᠮᠦᠴᠢ ᠰᠤᠯᠠᠷᠠᠨ᠎ᠠ᠃ ᠪᠢ ᠪᠠᠰᠠ ᠯᠠ ᠬᠠᠯᠠᠭᠤᠷᠠᠵᠤ ᠡᠬᠢᠯᠡᠪᠡ᠃ | — — ᠡᠷᠬᠡᠳᠡᠨ ᠨᠢ ᠪᠡᠶᠡᠨ ᠳᠤ ᠨᠢ ᠵᠤᠬᠢᠷᠠᠵᠤ᠂ ᠭᠠᠳᠠᠭᠤᠷᠰᠢᠶᠠᠬᠤ ᠢᠯᠡᠷᠡᠯ ᠦᠭᠡᠢ ᠠᠳᠠᠯ᠎ᠠ ᠡᠨᠡ | ᠬᠦᠮᠦᠨ ᠶᠠᠭᠤᠨ ᠳᠤ ᠪᠠᠨ ᠬᠠᠯᠠᠭᠤᠷᠠᠭᠠᠳ ᠪᠠᠶᠢᠬᠤ ᠶᠤᠮ ᠪᠤᠢ︖ ᠤᠳᠤ ᠶᠢᠨ ᠬᠦᠮᠦᠨ ᠶᠠᠭᠠᠬᠢᠭᠰᠠᠨ ᠬᠡᠪᠡᠷᠡᠭ | ᠶᠤᠮ ᠪᠤᠢ︖ ᠡᠵᠢ ᠶᠢ ᠨᠢ ᠦᠵᠡ︕ ᠬᠦᠤ ᠠᠴᠠ ᠪᠠᠨ ᠬᠤᠯᠠ ᠬᠤᠷᠳᠤᠨ ᠡᠷᠡᠭᠦᠯᠵᠢᠵᠦ ᠪᠠᠶᠢᠨ᠎ᠠ᠃ | — — ᠠᠪᠤ ᠨᠢ ᠯᠠ ᠬᠦᠭᠡᠷᠦᠬᠦᠢ᠃ ᠬᠤᠶᠠᠷ ᠲᠡᠶᠢᠰᠢ ᠬᠦᠶᠦᠭᠰᠡᠭᠡᠷ ᠵᠤᠲᠠᠵᠤ ᠳᠠᠭᠤᠰᠬᠤ ᠨᠢ᠃ | ᠶᠢᠷᠳᠢᠨᠴᠦ ᠳᠡᠭᠡᠷ᠎ᠡ ᠡᠵᠢ ᠠᠪᠤ ᠬᠦᠮᠦᠨ ᠯᠠ ᠡᠨᠡ ᠬᠠᠯᠠ ᠶᠢ ᠳᠡᠰᠪᠦᠷᠢᠯᠡᠵᠦ ᠴᠢᠳᠠᠬᠤ ᠠᠴᠠ ᠳ᠋ᠠ᠃ ᠠᠢ ᠳ᠋ᠠ᠂ | ᠶᠠᠭᠠᠬᠢᠬᠤ ᠪᠤᠢ︕ | — — ᠡᠨᠡ ᠬᠦᠤ ᠶᠢ ᠦᠵᠡᠯ ᠳ᠋ᠠ᠃ ᠡᠵᠢ ᠶᠢᠨ ᠢᠶᠠᠨ ᠦᠷᠦᠭᠡᠰᠦᠨ ᠪᠦᠭᠡᠷ᠎ᠡ ᠶᠢ ᠠᠴᠢᠵᠤ | ᠶᠠᠪᠤᠬᠤ ᠳᠤ ᠪᠠᠨ ᠮᠦᠨ ᠬᠦᠤ ᠶᠢᠨ ᠡᠷᠬᠡ ᠵᠢᠭᠠᠵᠤ ᠡᠷᠬᠡᠯᠡᠨ ᠪᠠᠶᠢᠬᠤ ᠴᠢᠨᠢ᠃ ᠠᠪᠤ ᠡᠵᠢ ᠶᠢᠨ ᠢᠶᠠᠨ ᠵᠤᠪᠠᠯ ᠢ | ᠪᠤᠳᠤᠪᠠᠯ ᠬᠤᠷᠳᠤᠨ ᠡᠷᠡᠭᠦᠯᠵᠢᠬᠦ ᠨᠢ ᠶᠠᠭᠠᠬᠢᠪᠠ︕ | ᠤᠨᠳᠠᠭᠠᠳ ᠰᠡᠷᠡᠬᠦ ᠪᠠᠷ ᠲᠤᠳᠤᠷ᠎ᠠ ᠲᠤᠩ ᠴᠤ ᠰᠠᠷᠠᠭᠤᠯ ᠪᠠᠶᠢᠪᠠ᠃ ᠬᠤᠶᠠᠷ ᠰᠤᠪᠢᠯᠠᠭᠴᠢ ᠬᠡᠤᠬᠡᠨ ᠰᠢᠷᠬᠠᠨ ᠤ | ᠪᠤᠭᠤᠯᠲᠠ ᠶᠢ ᠠᠯᠳᠠᠷᠠᠭᠠᠨ ᠤᠰᠤᠨ ᠡᠮ ᠢᠶᠠᠷ ᠠᠷᠢᠭᠤᠳᠬᠠᠨ ᠪᠠᠶᠢᠵᠦ ᠵᠤᠭᠤᠭ ᠪᠤᠯᠤᠯᠴᠠᠨᠠ᠃ ᠲᠡᠳᠡ ᠬᠤᠶᠠᠷ ᠤᠨ | ᠵᠤᠭᠤᠭ ᠴᠢᠬᠢᠨ ᠭᠡᠩᠭᠡᠷᠭᠡ ᠶᠢ ᠳᠡᠯᠡᠰᠴᠦ᠂ ᠵᠢᠷᠦᠬᠡᠨ ᠰᠤᠳᠠᠰᠤ ᠶᠢ ᠴᠡᠴᠡᠷᠡᠭᠦᠯᠦᠨ᠎ᠡ᠃ ᠬᠤᠶᠠᠷ ᠨᠢᠳᠤᠨ ᠤ | ᠠᠳᠬᠤᠷᠠᠯᠳᠤᠭᠰᠠᠨ ᠰᠤᠷᠮᠤᠤᠰᠤ ᠰᠠᠯᠬᠤ ᠠᠴᠠ ᠡᠮᠤᠨ᠎ᠡ ᠵᠤᠪᠬᠢ ᠪᠦᠯᠢᠶᠡᠰᠪᠡ᠃ ᠪᠢ ᠡᠭᠡᠷ ᠳᠠᠲᠠᠨ ᠤᠬᠢᠯᠠᠬᠤ ᠶᠢ | ᠰᠠᠨᠠᠨ᠎ᠠ᠃ ᠬᠡᠴᠢᠨᠡᠭᠡᠨ ᠵᠢᠯ ᠤᠨ ᠴᠤᠭᠯᠠᠷᠠᠭᠰᠠᠨ ᠭᠤᠮᠤᠷᠡᠯ ᠵᠢᠪᠡᠭᠦᠴᠡᠯ ᠤᠨ ᠬᠠᠭ ᠡᠨᠡᠬᠦᠭᠡᠨ ᠬᠤᠭᠤᠷᠤᠨᠳᠤ | ᠬᠤᠭᠵᠢᠷᠠᠨ ᠬᠤᠪᠬᠤᠷᠠᠨᠠ᠃ | ᠳᠡᠭᠦᠵᠢᠩ ᠰᠢᠩᠬᠡᠨ ᠪᠡᠶᠡᠳᠤ ᠶᠡᠭᠦᠯᠡᠭᠦᠷ ᠢᠶᠠᠷ ᠲᠠᠮᠵᠢᠨ ᠰᠤᠳᠠᠰᠤ ᠪᠠᠷ ᠭᠦᠶᠦᠬᠦ ᠨᠢ ᠲᠤᠳᠤ ᠮᠡᠳᠡᠷᠡᠭᠳᠡᠨ᠎ᠡ᠃ | ᠵᠡᠭᠦᠳᠦ ᠪᠢᠰᠢ᠃ ᠶᠠᠭᠤ ᠪᠦᠬᠦᠨ ᠦᠨᠡᠨ ᠪᠠᠶᠢᠯ᠎ᠠ᠃ ᠪᠢ ᠬᠤᠶᠢᠰᠢᠲᠡ ᠡ᠋ᠭ ᠲᠡᠯᠡᠬᠡᠢ ᠶᠢᠨ ᠬᠠᠮᠤᠭ ᠨᠠᠨᠳᠢᠨ ᠠᠴᠢ | ᠬᠠᠶᠢᠷ᠎ᠠ ᠶᠢ ᠡᠭᠦᠷᠴᠦ ᠶᠠᠪᠤᠬᠤ ᠪᠤᠯᠤᠭᠰᠠᠨ ᠪᠠᠶᠢᠨ᠎ᠠ᠃ ᠢᠷᠡᠭᠡᠳᠦᠢ ᠳᠤ ᠪᠢ ᠪᠠᠰᠠ ᠴᠦ ᠦᠯᠢᠭᠡᠷ ᠤᠨ ᠭᠤᠦᠯ | ᠪᠠᠭᠠᠳᠤᠷ ᠪᠤᠯᠬᠤ ᠶᠤᠮ᠃ | ︵◎ ᠡᠤ ᠤᠶᠤᠨᠬᠠᠰ︶ | |