ᠡᠵᠢ ᠶᠢᠨ ᠮᠢᠨᠢ ᠬᠤᠷᠤᠳ
ᠨᠡᠶᠢᠲᠡᠯᠡᠭᠰᠡᠨ ᠴᠠᠭ᠄
2018-06-05
    ᠦᠨᠦᠳᠦᠷ ᠳᠡᠯᠭᠡᠭᠦᠷ ᠠᠴᠠ ᠬᠡᠳᠦᠨ ᠬᠡᠰᠡᠭ ᠬᠤᠷᠤᠳ ᠬᠤᠳᠠᠯᠳᠤᠨ ᠠᠪᠤᠪᠠ᠃ ᠴᠠᠭᠠᠨ ᠢᠳᠡᠭᠡᠨ ᠳᠤ ᠴᠠᠭᠠᠨ᠎ᠠ ᠠᠴᠠ ᠪᠠᠨ ᠲᠠᠳᠠᠭᠳᠠᠳᠠᠭ ᠬᠤᠪᠳᠤᠭ ᠭᠧᠨ ᠮᠢᠨᠢ ᠬᠦᠦ ᠳᠤ ᠤᠯᠠᠮᠵᠢᠯᠠᠭᠳᠠᠴᠢᠬᠠᠭᠰᠠᠨ ᠬᠤᠶᠢᠨ᠎ᠠ ᠬᠤᠷᠤᠳ ᠵᠥᠭᠡᠬᠡᠢ ᠶᠢᠨ ᠦᠨ᠎ᠡ ᠬᠡᠳᠦᠢ ᠦᠰᠪᠡᠴᠦ ᠶᠠᠭᠠᠬᠢᠬᠤ ᠪᠤᠢ᠂ ᠬᠠᠶᠠ ᠴᠠᠶᠠ ᠮᠥᠩᠭᠦ ᠬᠠᠶᠢᠷᠠᠯᠠᠯ ᠦᠭᠡᠢ ᠠᠪᠴᠦ ᠡᠬᠡ ᠬᠦᠦ ᠬᠤᠶᠠᠭᠤᠯᠠ ᠶᠢᠨ ᠦᠯ ᠢᠶᠠᠨ ᠳᠠᠷᠤᠬᠤ ᠯᠠ ᠴᠢᠬᠤᠯᠠ᠃ ᠳᠡᠯᠭᠡᠭᠦᠷ ᠲᠤ ᠬᠤᠳᠠᠯᠳᠣᠳᠠᠭ ᠵᠢᠭᠵᠢᠭᠡᠷ ᠬᠡᠦᠬᠡᠨ ᠤ ᠵᠢᠭᠠᠬᠠᠨ ᠠᠯᠠᠭ᠎ᠠ ᠠᠴᠠ ᠠᠷᠠᠢ ᠶᠡᠬᠡᠳᠡᠮ᠎ᠡ ᠦᠭᠡᠢ ᠲᠡᠷᠡ ᠠᠷᠪᠠᠨ ᠲᠠᠪᠤᠨ ᠲᠥᠭᠦᠷᠢᠭ ᠨᠢᠭᠡ ᠬᠡᠰᠡᠭ ᠤᠨ ᠬᠢ ᠶᠢ ᠪᠣᠯ ᠬᠦᠦ ᠪᠢᠳᠡ ᠬᠤᠶᠠᠭᠤᠯᠠ ︽ᠠᠮᠲᠠᠯᠠᠵᠦ ᠪᠠᠶᠢᠨ᠎ᠠ︾᠂ ︽ᠠᠮᠲᠠᠯᠠᠵᠦ ᠪᠠᠶᠢᠨ᠎ᠠ︾ ᠭᠡᠭᠰᠡᠭᠡᠷ ᠬᠡᠳᠦᠬᠡᠨ ᠮᠢᠨᠦ᠋ᠲ ᠲᠤ ᠰᠢᠢᠳᠪᠦᠷᠢᠯᠡᠴᠢᠬᠡᠨ᠎ᠡ᠃ ᠬᠠᠷᠢᠨ ᠬᠤᠷᠢᠨ ᠲᠠᠪᠤᠨ ᠲᠥᠭᠦᠷᠢᠭ ᠨᠢᠭᠡ ᠬᠡᠰᠡᠭ ᠤᠨ ᠬᠢ ᠶᠢ ᠨᠢ ᠠᠪᠤᠪᠠᠯ ᠠᠷᠭᠠᠯᠠᠵᠦ ᠴᠠᠷᠭᠠᠯᠠᠵᠤ ᠬᠠᠭᠠᠰ ᠡᠳᠦᠷ ᠤᠨ ᠬᠠᠯᠠ ᠳᠠᠭᠠᠭᠠᠳᠠᠭ ᠨᠢ ᠦᠨᠡᠨ ᠲᠠᠢ᠃ ᠢᠩᠭᠢᠭᠡᠳ ᠡᠨᠡ ᠤᠳᠠᠭ᠎ᠠ ᠶᠡᠬᠡᠬᠡᠨ ᠬᠡᠰᠡᠭᠲᠦ ᠬᠤᠷᠤᠳ ᠠᠴᠠ ᠨᠢ ᠢᠯᠡᠭᠦᠦ ᠬᠡᠳᠦᠨ ᠬᠡᠰᠡᠭ ᠠᠪᠴᠢᠬᠠᠪᠠ᠃     ᠬᠠᠷ᠎ᠠ ᠴᠠᠢ ᠣᠭᠤᠴᠢᠯᠠᠬᠤ ᠶᠢᠨ ᠵᠠᠪᠰᠠᠷ ᠬᠤᠳᠠᠯᠳᠤᠭᠠᠨ ᠤ ᠬᠤᠷᠤᠳ ᠢᠶᠠᠨ ᠡᠮᠲᠡᠯᠡᠨ ᠵᠤᠭᠤᠭᠯᠠᠵᠦ ᠰᠠᠭᠤᠯ᠎ᠠ᠃ ᠬᠤᠷᠤᠳ ᠤᠨ ᠠᠮᠲᠠ ᠨᠢᠭᠡ ᠯᠠ ᠰᠡᠳᠬᠢᠯ ᠳᠤ ᠬᠦᠷᠬᠦ ᠦᠭᠡᠢ ᠴᠢᠮᠠᠯᠠᠭᠳᠠᠬᠤ ᠰᠢᠭ᠋᠃ ︽ᠰᠦᠨ ᠦᠢᠯᠡᠳᠪᠦᠷᠢ ᠶᠢᠨ ᠮᠠᠰᠢᠨ ᠢᠶᠠᠷ ᠳᠠᠷᠣᠳᠠᠭ ᠬᠤᠷᠤᠳ ᠶᠡᠷᠦ ᠨᠢ ᠮᠠᠨ ᠤ ᠮᠠᠯᠴᠢᠨ ᠡᠵᠢ ᠨᠠᠷ ᠤᠨ ᠭᠠᠷ ᠢᠶᠠᠷ ᠢᠶᠠᠨ ᠬᠢᠳᠡᠭ ᠬᠤᠷᠤᠳ ᠢ ᠬᠤᠯᠠ ᠬᠦᠷᠬᠦ ᠦᠭᠡᠢ ᠶᠤᠮ ᠡ︾ ᠭᠡᠵᠦ ᠪᠤᠳᠤᠭᠳᠠᠬᠤ ᠪᠤᠯᠤᠭᠰᠠᠨ ᠨᠢ ᠶᠠᠮᠠᠷ ᠥᠨᠦᠬᠡᠨ ᠤ ᠣᠴᠢᠷ ᠯᠠ ᠪᠢᠰᠢ ᠳ᠋ᠠ᠃ ᠨᠠᠳᠠ ᠡᠵᠢ ᠶᠢᠨ ᠮᠢᠨᠢ ᠨᠤᠬᠤᠭᠰᠠᠨ ᠬᠤᠷᠤᠳ ᠤᠨ ᠠᠮᠲᠠ ᠶᠠᠭᠤ ᠬᠠᠢ ᠦᠭᠡᠢ ᠡᠷᠢᠭᠳᠡᠪᠡ᠃     ᠮᠠᠨ ᠢ ᠪᠠᠭ᠎ᠠ ᠪᠠᠶᠢᠬᠤ ᠳᠤ ᠵᠤᠨ ᠤ ᠨᠠᠷᠠ ᠣᠷᠭ᠎ᠠ ᠶᠢᠨ ᠦᠵᠦᠭᠦᠷ ᠬᠥᠭᠡᠷᠬᠦ ᠬᠢᠷᠢ ᠪᠠᠷ ᠯᠠ ᠥᠷᠯᠥᠭᠡ ᠡᠷᠲᠡ ᠶᠢᠨ ᠠᠯᠢ ᠣᠯᠠᠨ ᠠᠵᠢᠯ ᠢᠶᠠᠨ ᠳᠦᠩᠭᠡᠵᠦ ᠰᠢᠪᠲᠤᠷᠠᠭᠤᠯᠤᠭᠰᠠᠨ ᠡᠵᠢ ᠭᠠᠳᠠᠨ᠎ᠠ ᠬᠢᠰᠠ ᠳᠤ ᠠᠷᠭᠠᠯ ᠤᠨ ᠭᠠᠯ ᠨᠤᠴᠤᠭᠠᠨ ᠬᠤᠷᠤᠳ ᠬᠢᠬᠦ ᠠᠵᠢᠯ ᠳᠤ ᠪᠠᠨ ᠣᠷᠣᠳᠠᠭ᠃ ᠰᠢᠨᠡᠭᠡᠨ ᠡᠭᠡᠳᠡᠭᠰᠡᠨ ᠰᠦ ᠪᠠᠨ ᠵᠢᠯᠠᠪᠴᠢᠨ ᠲᠤᠭᠤᠭᠠᠨ ᠳᠤ ᠶᠡᠭᠦᠯᠡᠵᠦ ᠠᠷᠭᠠᠯ ᠤᠨ ᠭᠠᠯ ᠳᠡᠭᠡᠷ᠎ᠡ ᠪᠠᠨ ᠲᠠᠯᠪᠢᠪᠠᠯ ᠲᠦᠳᠡᠯ ᠦᠭᠡᠢ ᠬᠤᠭᠤᠯᠠᠢ ᠭᠤᠪᠤᠭᠤᠨᠠᠭᠤᠯᠤᠮ᠎ᠠ ᠢᠰᠬᠦᠯᠡᠩ ᠦᠨᠦᠷ ᠬᠠᠩᠬᠤᠯᠵᠦ ᠰᠢᠷᠠᠰᠣ ᠢᠯᠭᠠᠷᠠᠵᠦ ᠡᠬᠢᠯᠡᠨ᠎ᠡ᠃ ᠡᠵᠢ ᠱᠦᠭᠦᠷ ᠢᠶᠠᠷ ᠠᠬᠢᠨ ᠳᠠᠬᠢᠨ ᠰᠢᠷᠠᠰᠣ ᠢᠯᠭᠠᠷᠠᠭᠤᠯᠵᠦ᠂ ᠡᠭᠡᠳᠡᠮᠡᠭ ᠥᠳᠭᠡᠷᠡᠬᠦ ᠬᠢᠷᠢ ᠪᠠᠷ ᠭᠠᠯ ᠢᠶᠠᠨ ᠵᠥᠭᠡᠯᠡᠬᠡᠨ ᠪᠣᠯᠭᠠᠨ᠎ᠠ᠃ ᠲᠡᠭᠡᠭᠡᠳ ᠤᠯᠠᠮ ᠤᠯᠠᠮ ᠢᠶᠠᠷ ᠢᠵᠠᠮᠠᠭᠲᠤᠨ ᠥᠳᠭᠡᠷᠡᠵᠦ ᠪᠠᠶᠢᠭ᠎ᠠ ᠡᠭᠡᠳᠡᠮᠡᠭ ᠢᠶᠠᠨ ᠰᠢᠨᠠᠭᠠᠨ ᠳᠤᠬᠤ ᠪᠠᠷ ᠲᠦᠷᠭᠡᠨ ᠲᠦᠷᠬᠡᠨ ᠨᠤᠬᠤᠯᠠᠵᠦ ᠪᠠᠶᠢᠭᠰᠠᠭᠠᠷ ᠲᠣᠮᠤᠬᠠᠨ ᠪᠥᠭᠡᠮ ᠪᠤᠯᠭᠠᠭᠠᠳ ᠲᠡᠭᠦᠨ ᠢᠶᠠᠨ ᠲᠤᠭᠤᠭᠠᠨ ᠢᠷᠤᠭᠠᠷ ᠲᠤ ᠨᠠᠭᠠᠯᠳᠤᠭᠤᠯᠬᠤ ᠦᠭᠡᠢ ᠪᠠᠶᠢᠬᠤ ᠶᠢ ᠬᠢᠴᠢᠶᠡᠨ ᠲᠠᠰᠤᠷᠠᠭ᠎ᠠ ᠦᠭᠡᠢ ᠡᠶᠢᠰᠢ ᠲᠡᠶᠢᠰᠢ ᠪᠦᠮᠪᠦᠷᠢᠬᠦᠯᠦᠨ᠎ᠡ᠃ ᠡᠨᠡ ᠨᠢ ᠰᠠᠶᠢᠬᠠᠨ ᠲᠣᠭᠤᠭᠠᠨ ᠠᠴᠠ ᠭᠠᠷᠬᠤ ᠰᠢᠬᠢᠷ ᠬᠤᠯᠢᠭᠰᠠᠨ ᠬᠠᠯᠠᠭᠤᠨ ᠬᠤᠷᠤᠳ ᠢ ᠵᠥᠭᠡᠬᠡᠢ ᠲᠠᠢ ᠬᠤᠳᠬᠤᠵᠦ ᠢᠳᠡᠨ᠎ᠡ ᠭᠡᠵᠦ ᠬᠠᠵᠠᠭᠤ ᠬᠠᠪᠢ ᠪᠠᠷ ᠨᠢ ᠥᠩᠭᠡᠶᠢᠯᠴᠡᠵᠦ ᠰᠦᠢᠳ ᠪᠤᠯᠵᠦ ᠪᠠᠶᠢᠭᠰᠠᠨ ᠪᠢᠳᠡᠨ ᠳᠤ ᠬᠡᠴᠢᠨᠡᠬᠡᠨ ᠵᠤᠭᠠᠲᠠᠢ ᠰᠠᠨᠠᠭᠳᠠᠵᠦ ᠪᠠᠶᠢᠭᠰᠠᠨ ᠠᠵᠢ︕     ᠡᠵᠢ ᠶᠢᠨ ᠮᠢᠨᠢ ᠨᠤᠬᠤᠯᠠᠵᠦ ᠳᠠᠷᠤᠭᠰᠠᠨ ᠬᠤᠷᠤᠳ ᠪᠡᠷᠬᠡ ᠵᠤᠬᠢᠷᠠᠳᠠᠭ ᠪᠠᠶᠢᠭᠰᠠᠨ ᠡ᠃ ᠬᠡᠪ ᠲᠤ ᠳᠠᠷᠤᠭᠰᠠᠨ ᠬᠤᠷᠤᠳ ᠢᠶᠠᠨ ᠰᠡᠷᠢᠭᠦᠬᠡᠨ ᠭᠠᠵᠠᠷ ᠲᠠᠯᠪᠢᠵᠦ ᠪᠠᠭ᠋ᠠᠨ ᠡᠪᠡᠷᠡᠭᠡᠮᠡᠭᠴᠡ ᠳᠠᠬᠢᠨ ᠲᠡᠭᠰᠢ ᠢᠷᠤᠭᠠᠷ ᠲᠠᠢ ᠪᠤᠷᠭᠠᠰᠤᠨ ᠰᠠᠭᠰᠣᠨ ᠳᠤ ᠬᠦᠮᠦᠷᠢᠵᠦ ᠭᠠᠳᠠᠨ᠎ᠠ ᠠᠪᠠᠴᠢᠵᠦ ᠡᠯᠭᠦᠨ ᠬᠠᠳᠠᠭᠠᠨ᠎ᠠ᠃ ᠮᠠᠨ ᠤ ᠬᠢᠨ ᠬᠡᠳᠦ᠋ᠢᠪᠡᠷ ᠴᠥᠭᠡᠨ ᠬᠡᠳᠦᠬᠡᠨ ᠰᠠᠭᠠᠯᠢ ᠶᠢᠨ ᠦᠨᠢᠶ᠎ᠡ ᠲᠠᠢ ᠪᠠᠶᠢᠭᠰᠠᠨ ᠴᠦ ᠲᠡᠷᠡ ᠦᠶ᠎ᠡ ᠳᠤ ᠪᠡᠯᠴᠢᠭᠡᠷ ᠣᠰᠤ ᠰᠠᠶᠢᠨ ᠤ ᠬᠢ ᠪᠤᠯᠪᠠ ᠦᠦ᠂ ᠦᠨᠢᠶᠡᠳ ᠨᠢᠭᠡᠳ ᠨᠢᠭᠡ ᠪᠠᠷ ᠢᠶᠠᠨ ᠰᠠᠭᠠᠮ᠎ᠠ ᠰᠠᠶᠢᠲᠠᠢ ᠪᠠᠶᠢᠵᠦ ᠪᠤᠷᠭᠠᠰᠤᠨ ᠰᠠᠭᠰᠣᠨ ᠳᠤ ᠬᠢ ᠬᠤᠷᠤᠳ ᠡᠳᠦᠷ ᠡᠳᠦᠷ ᠢᠶᠠᠷ ᠨᠡᠮᠡᠭᠳᠡᠭᠰᠡᠭᠡᠷ ᠣᠳᠠᠯ ᠦᠭᠡᠢ ᠪᠠᠭᠲᠠᠵᠦ ᠶᠠᠳᠠᠮ᠎ᠠ ᠪᠤᠯᠳᠠᠭ ᠪᠥᠭᠡᠳ ᠬᠡᠲᠦᠷᠡᠮᠡᠭᠡᠢ ᠱᠠᠩᠳᠠᠭᠤᠨ ᠦᠨᠦᠷ ᠨᠢ ᠬᠤᠯᠠ ᠠᠴᠠ ᠢᠷᠡᠭᠰᠡᠨ ᠬᠦᠮᠦᠨ ᠤ ᠰᠠᠮᠰᠠ ᠶᠢ ᠴᠣᠷᠭᠢᠭᠤᠯᠤᠨ ᠤᠭᠲᠤᠳᠠᠭ ᠪᠠᠶᠢᠭᠰᠠᠨ᠃ ᠡᠵᠢ ᠮᠢᠨᠢ ᠢᠷᠡᠭᠰᠡᠨ ᠭᠡᠶᠢᠴᠢᠨ ᠢᠶᠠᠨ ᠬᠤᠷᠤᠳ ᠲᠠᠪᠠᠭᠯᠠᠵᠦ ᠲᠠᠶᠢᠯᠠᠨ᠎ᠠ᠃ ᠵᠠᠷᠢᠮ ᠨᠢᠭᠡ ᠨᠢ ᠪᠤᠴᠠᠬᠤ ᠦᠶ᠎ᠡ ᠳᠤ ᠨᠢ ᠪᠠᠰᠠ ᠬᠡᠳᠦ ᠭᠤᠷᠪᠠ ᠪᠠᠷ ᠬᠠᠶᠢᠷᠠᠯᠠᠵᠦ ᠲᠠᠯ᠎ᠠ ᠵᠠᠰᠠᠨ᠎ᠠ᠃ ᠡᠵᠢ ᠶᠢᠨ ᠮᠢᠨᠢ ᠬᠢᠭᠰᠡᠨ ᠬᠤᠷᠤᠳ ᠤᠨ ᠰᠢᠷᠬᠡᠭ ᠨᠢ ᠨᠢᠭᠲᠠ᠂ ᠥᠩᠬᠡ ᠨᠢ ᠭᠦᠯᠲᠦᠭᠡᠨᠡᠮ᠎ᠡ ᠲᠤᠰᠤᠷᠬᠠᠭ ᠪᠠᠶᠢᠵᠦ ᠠᠮᠲᠠᠯᠠᠭᠰᠠᠨ ᠪᠥᠬᠦᠨ ᠱᠠᠭᠰᠢᠨ ᠮᠠᠭᠲᠠᠳᠠᠭ ᠪᠠᠶᠢᠭᠰᠠᠨ ᠢ ᠪᠣᠳᠤᠪᠠᠯ ᠪᠠᠭ᠎ᠠ ᠳᠤ ᠪᠠᠨ ᠪᠢ ᠠᠮᠲᠠᠲᠤ ᠬᠤᠷᠤᠳ ᠲᠠᠢ ᠬᠤᠪᠢ ᠪᠠᠷᠢᠯᠳᠤᠯᠭ᠎ᠠ ᠣᠨᠴᠠ ᠰᠠᠶᠢᠨ ᠪᠠᠶᠢᠭᠰᠠᠨ ᠠᠵᠤᠭᠤ᠃     ᠰᠡᠭᠦᠯ ᠤᠨ ᠵᠢᠯ ᠤᠳ ᠲᠤ ᠪᠢᠳᠡ ᠠᠮᠲᠠᠳᠤ ᠬᠤᠷᠤᠳ ᠢ ᠲᠠᠭ᠎ᠠ ᠳᠤᠷ᠎ᠠ ᠪᠠᠷ ᠢᠶᠠᠨ ᠣᠯᠵᠦ ᠢᠳᠡᠬᠦ ᠪᠠᠨ ᠪᠤᠯᠢᠭᠰᠠᠨ᠃ ᠠᠪᠤ ᠮᠢᠨᠢ ᠳᠡᠩᠳᠡᠬᠦᠦ ᠡᠷᠲᠡ ᠳᠠᠯᠢᠢᠴᠢᠬᠠᠭᠰᠠᠨ ᠲᠤᠯᠠ ᠠᠮᠢᠳᠤᠷᠠᠯ ᠢᠶᠠᠨ ᠠᠷᠭᠠᠴᠠᠭᠠᠵᠦ ᠥᠷᠦᠪ ᠴᠦᠷᠦᠪ ᠳᠦᠷᠪᠡᠨ ᠬᠡᠦᠬᠡᠳ ᠢᠶᠠᠨ ᠮᠦᠷᠦ ᠪᠦᠲᠦᠨ ᠶᠠᠪᠤᠭᠤᠯᠵᠦ᠂ ᠬᠦᠮᠦᠨ ᠲᠠᠢ ᠠᠳᠠᠯᠢ ᠪᠢᠴᠢᠭ ᠦᠵᠡᠭᠦᠯᠬᠦ ᠶᠢᠨ ᠲᠦᠯᠦᠭᠡ ᠡᠵᠢ ᠮᠢᠨᠢ ᠬᠢᠭᠰᠡᠨ ᠬᠤᠷᠤᠳ ᠢᠶᠠᠨ ᠲᠠᠪᠤ ᠠᠷᠪᠠ ᠪᠤᠯᠭᠠᠭᠠᠳ ᠲᠠᠯ᠎ᠠ ᠶᠢᠨ ᠠᠶᠢᠯ ᠤᠨ ᠴᠤᠭᠯᠠᠭ᠎ᠠ ᠮᠠᠶᠢᠮᠠᠢ ᠳᠡᠭᠡᠷ᠎ᠡ ᠠᠪᠠᠴᠢᠵᠦ ᠬᠤᠳᠠᠯᠳᠣᠳᠠᠭ ᠪᠤᠯᠪᠠ᠃ ᠠᠳᠠᠯᠢᠬᠠᠨ ᠬᠤᠷᠤᠳ ᠰᠦ ᠬᠤᠳᠠᠯᠳᠣᠳᠠᠭ ᠬᠦᠮᠦᠨ ᠵᠥᠩᠳᠡᠭᠡᠨ ᠪᠠᠶᠢᠭᠰᠠᠨ ᠴᠦ ᠬᠦᠮᠦᠰ ᠡᠵᠢ ᠶᠢᠨ ᠮᠢᠨᠢ ᠬᠤᠷᠤᠳ ᠲᠤ ᠯᠠ ᠦᠨᠳᠦᠷ ᠦᠨ᠎ᠡ ᠥᠭᠴᠦ ᠦᠷᠢᠰᠦᠨ ᠠᠪᠴᠠᠭᠠᠵᠦ ᠪᠠᠶᠢᠭᠰᠠᠨ ᠨᠢ ᠲᠡᠳᠡ ᠪᠦᠬᠦᠨ ᠤ ᠥᠷᠦᠪᠴᠢ ᠰᠡᠳᠬᠢᠯ ᠤᠨ ᠬᠠᠭᠠᠯᠭ᠎ᠠ ᠨᠡᠭᠡᠭᠡᠭᠳᠡᠭᠰᠡᠨ ᠳᠤ ᠪᠠᠨ ᠪᠢᠰᠢ᠂ ᠬᠠᠷᠢᠨ ᠬᠤᠪᠲᠤᠯ ᠳᠤ ᠰᠢᠩᠭᠡᠮ᠎ᠡ ᠬᠤᠷᠤᠳ ᠤᠨ ᠠᠮᠲᠠᠨ ᠠᠴᠠ ᠪᠣᠯᠤᠭᠰᠠᠨ ᠭᠡᠵᠦ ᠪᠢ ᠳᠠᠩᠳᠠ ᠪᠤᠳᠤᠳᠠᠭ ᠪᠠᠶᠢᠭᠰᠠᠨ᠃     ᠰᠢᠨ᠎ᠡ ᠵᠠᠭᠤᠨ ᠤ ᠡᠬᠢ ᠪᠠᠷ ᠦᠬᠢᠨ ᠳᠡᠭᠦᠦ ᠪᠢᠳᠡ ᠬᠤᠶᠠᠭᠤᠯᠠ ᠬᠤᠶᠢᠨ᠎ᠠ ᠡᠮᠦᠨ᠎ᠡ ᠭᠡᠷᠯᠡᠵᠦ᠂ ᠬᠤᠶᠢᠲᠤ ᠤᠷᠢᠲᠤ ᠲᠠᠯ᠎ᠠ ᠶᠢᠨ ᠠᠶᠢᠯ ᠳᠤ ᠮᠣᠷᠳᠠᠴᠢᠬᠠᠭᠠᠳ ᠳᠠᠩᠳᠠ ᠲᠥᠷᠬᠦᠮ ᠰᠠᠨᠠᠬᠤ ᠶᠢᠨ ᠵᠡᠷᠭᠡ ᠪᠠᠷ ᠰᠦ ᠬᠤᠷᠤᠳ ᠢᠶᠠᠨ ᠰᠠᠨᠠᠳᠠᠭ ᠳᠦᠷᠰᠦᠭᠦᠢ ᠬᠤᠶᠠᠷ ᠠᠪᠠᠭᠠᠢ ᠪᠤᠯᠵᠠᠢ᠃ ᠵᠤᠨ ᠤ ᠤᠯᠠᠷᠢᠯ ᠢᠶᠠᠷ ᠲᠥᠷᠬᠦᠮᠴᠢᠯᠡᠪᠡᠯ ᠬᠠᠷᠢᠵᠦ ᠢᠷᠡᠬᠦ ᠭᠡᠳ ᠶᠠᠭᠤᠮ᠎ᠠ ᠬᠡᠦᠮ᠎ᠡ ᠪᠠᠨ ᠲᠦᠬᠦᠭᠡᠷᠴᠦ ᠡᠬᠢᠯᠡᠮᠡᠭᠴᠡ ᠪᠢᠳᠡ ᠬᠤᠷᠤᠳ ᠲᠣᠰᠣ᠂ ᠵᠥᠭᠡᠬᠡᠢ ᠴᠦᠴᠦᠭᠡᠢ ᠰᠠᠪᠠᠯᠠᠵᠦ ᠶᠠᠭᠠᠷᠠᠨ᠎ᠠ᠃ ᠬᠤᠶᠠᠭᠤᠯᠠ ᠪᠠᠨ ᠴᠤᠭ ᠣᠴᠢᠭᠰᠠᠨ ᠲᠠᠭᠠᠷᠠᠪᠠᠯ ᠪᠠᠷᠤᠭ ᠪᠡᠯᠡᠨ ᠪᠠᠶᠢᠬᠤ ᠶᠢ ᠨᠢ ᠪᠦᠬᠦᠨ ᠢ ᠬᠠᠮᠦᠵᠦ ᠴᠥᠯᠪᠡᠴᠢᠬᠡᠭᠡᠳ᠄ ︽ᠪᠢᠳᠡ ᠶᠠᠭ ᠳᠡᠭᠡᠷᠡᠮ ᠲᠤᠨᠤᠭ᠎ᠠ ᠪᠠᠭᠤᠭᠰᠠᠨ ᠠᠳᠠᠯᠢ︾ ᠭᠡᠵᠦ ᠬᠥᠭᠡᠷᠦᠯᠳᠦᠬᠦ ᠳᠤ ᠡᠵᠢ ᠮᠢᠨᠢ ᠮᠦᠨ ᠥᠭᠬᠦ ᠶᠣᠰᠣᠲᠠᠢ ᠪᠠᠨ ᠦᠭᠴᠦ ᠠᠮᠠᠷᠠᠭᠰᠠᠨ ᠬᠦᠮᠦᠨ ᠪᠤᠯᠵᠦ ᠰᠡᠳᠬᠢᠯ ᠬᠠᠨᠣᠮᠵᠢᠲᠠᠢ ᠮᠠᠨ ᠢ ᠳᠠᠭᠠᠵᠦ ᠮᠦᠰᠢᠶᠡᠨ᠎ᠡ᠃     ᠡᠮᠦᠨ᠎ᠡ ᠬᠡᠳᠦᠨ ᠵᠢᠯ ᠠᠴᠠ ᠡᠬᠢᠯᠡᠭᠡᠳ ᠮᠠᠨ ᠤ ᠨᠤᠲᠤᠭ ᠲᠤ ᠵᠤᠨᠵᠢᠨ ᠬᠤᠷ᠎ᠠ ᠪᠣᠷᠣᠭᠠᠨ ᠤ ᠪᠠᠷ᠎ᠠ ᠲᠠᠰᠤᠷᠠᠵᠤ ᠲᠠᠩᠳᠠ ᠭᠠᠨᠭ᠍ᠳᠠᠳᠠᠭ ᠪᠣᠯᠪᠠ᠃ ᠡᠭᠦᠨ ᠢ ᠳᠠᠭᠠᠯᠲᠤᠵᠦ ᠪᠤᠲᠠ ᠪᠤᠷᠭᠠᠰᠣᠨ ᠤ ᠤᠷᠭᠤᠴᠠ ᠮᠠᠭᠤᠲᠠᠵᠦ ᠪᠡᠯᠴᠢᠭᠡᠷ ᠬᠠᠲᠠᠵᠦ᠂ ᠮᠦᠨ ᠲᠡᠬᠦᠨ ᠢ ᠨᠢ ᠳᠠᠭᠠᠯᠳᠤᠵᠦ ᠮᠠᠯ ᠡᠴᠡᠵᠦ ᠰᠠᠭᠠᠯᠢ ᠲᠠᠳᠠᠭᠤᠷᠠᠵᠦ ᠁ ᠬᠠᠶᠠ ᠨᠢᠭᠡ ᠬᠥᠷᠦᠭᠡᠳ ᠣᠴᠢᠬᠤ ᠪᠠᠷ ᠡᠵᠢ ᠮᠢᠨᠢ ᠶᠠᠭᠤᠨ ᠤ ᠤᠷᠢᠳ᠄ ︽ᠡᠨᠡ ᠤᠳᠠᠭ᠎ᠠ ᠲᠠᠨ ᠳᠤ ᠠᠷᠪᠢᠨ ᠥᠭᠴᠦ ᠳᠡᠶᠢᠯᠬᠦ ᠦᠭᠡᠢ᠂ ᠭᠡᠷ ᠭᠡᠷ ᠲᠤ ᠬᠤᠶᠠᠷᠬᠠᠨ ᠬᠡᠰᠡᠭ ᠁︾ ᠭᠡᠳᠡᠭ ᠪᠠᠶᠢᠭᠰᠠᠨ ᠠᠴᠠ ᠪᠠᠨ ᠰᠡᠭᠦᠯ ᠳᠤ ᠨᠢ ︽ᠭᠡᠷ ᠭᠡᠷ ᠲᠤ ᠨᠢᠭᠡᠬᠡᠨ ᠬᠡᠰᠡᠭ ᠁︾ ᠭᠡᠵᠦ ᠠᠷᠭ᠎ᠠ ᠶᠠᠳᠠᠭᠰᠠᠨ ᠪᠠᠶᠢᠳᠠᠯ ᠲᠠᠢ ᠬᠡᠯᠡᠳᠡᠭ ᠪᠣᠯᠤᠭᠰᠠᠨ᠃ ᠪᠦᠷ ᠰᠡᠭᠦᠯ ᠳᠤ ᠨᠢ ᠦᠨᠢᠶ᠎ᠡ ᠲᠤᠭᠤᠯ ᠢᠶᠠᠨ ᠬᠠᠶᠢᠷᠠᠯᠠᠵᠦ ᠨᠤᠲᠤᠭ ᠤᠨ ᠬᠦᠮᠦᠰ ᠤᠨ ᠣᠯᠠᠩᠬᠢ ᠨᠢ ᠰᠠᠭᠠᠯᠢ ᠢᠳᠡᠬᠦ ᠪᠠᠨ ᠪᠤᠯᠢᠴᠢᠬᠠᠭᠰᠠᠨ ᠣᠴᠢᠷ ᠠᠴᠠ ᠪᠢᠳᠡᠨ ᠤ ︽ᠨᠢᠭᠡ ᠨᠢᠭᠡ ᠬᠡᠰᠡᠭ︾ ᠴᠦ ᠠᠶᠠᠡᠳᠠᠭᠠᠨ ᠪᠠᠶᠢᠬᠤ ᠦᠭᠡᠢ ᠪᠣᠯᠴᠢᠬᠠᠯ᠎ᠠ ᠁     ᠬᠤᠳᠠᠯᠳᠤᠭᠠᠨ ᠤ ᠬᠤᠷᠤᠳ ᠲᠤ ᠦᠯ ᠵᠢᠭᠠᠬᠠᠨ ᠳᠠᠷᠤᠭᠳᠠᠳᠠᠭ ᠴᠦ ᠡᠵᠢ ᠶᠢᠨ ᠮᠢᠨᠢ ᠨᠤᠬᠤᠵᠦ ᠳᠠᠷᠤᠵᠦ ᠬᠡᠪᠯᠡᠭᠰᠡᠨ ᠬᠤᠷᠤᠳ ᠤᠨ ᠠᠮᠲᠠ ᠲᠡᠰᠭᠡᠯ ᠦᠭᠡᠢ ᠡᠷᠢᠭᠳᠡᠭᠡᠳ ᠪᠠᠶᠢᠬᠤ ᠶᠢ ᠶᠠᠭᠠᠬᠢᠨ᠎ᠠ᠃ ᠲᠡᠶᠢᠨ ᠬᠦ ᠪᠢ ᠬᠡᠳᠦᠨ ᠡᠳᠦᠷ ᠤᠨ ᠡᠮᠦᠨ᠎ᠡ ᠰᠤᠨᠤᠰᠤᠭᠰᠠᠨ ︽ᠡᠨᠡ ᠵᠢᠯ ᠢᠯᠡᠭᠦᠦ ᠬᠡᠳᠦ ᠤᠳᠠᠭ᠎ᠠ ᠪᠣᠷᠤᠭᠠᠨ ᠤᠷᠤᠭᠰᠠᠨ ᠠᠴᠠ ᠮᠠᠨ ᠤ ᠲᠡᠡᠳᠡᠬᠢ ᠪᠡᠯᠴᠢᠭᠡᠷ ᠡᠪᠡᠰᠦ ᠬᠠᠷᠢᠴᠠᠩᠭᠤᠢ ᠰᠠᠶᠢᠨ ᠪᠠᠶᠢᠨ᠎ᠠ︾ ᠭᠡᠳᠡᠭ ᠦᠭᠡ ᠶᠢ ᠮᠦᠷᠲᠡᠨ᠂ ᠨᠢᠭᠡᠨ ᠪᠡᠷᠬᠡ ᠶᠢᠨ ᠠᠶᠢᠯ ᠳᠤ ᠬᠠᠷᠢᠯᠴᠠᠭ᠎ᠠ ᠦᠭᠡᠢ ᠤᠳᠠᠭᠰᠠᠨ ᠰᠠᠳᠤᠨ ᠢᠶᠠᠨ ᠡᠷᠭᠢᠵᠦ ᠦᠵᠡᠬᠦ ᠪᠠᠷ ᠬᠦᠷᠦᠭᠡᠳ ᠣᠴᠢᠯ᠎ᠠ᠃ ᠰᠠᠳᠤᠨ ᠤ ᠬᠢᠨ ᠮᠠᠨᠢ ᠶᠡᠬᠡᠳᠡ ᠪᠠᠶᠠᠷᠯᠠᠵᠦ᠂ ᠣᠷᠤᠮᠠᠭᠴᠠ ᠬᠤᠷᠤᠳ ᠴᠠᠭ᠎ᠠ ᠪᠠᠷ ᠳᠠᠶᠢᠯᠠᠵᠦ ᠭᠠᠷᠤᠭᠰᠠᠨ᠃ ᠲᠡᠳᠡᠨ ᠤ ᠬᠢ ᠤᠳᠤᠮᠲᠤ ᠮᠠᠯ ᠲᠠᠢ᠂ ᠤᠷᠠᠨ ᠭᠠᠷ ᠲᠠᠢ ᠭᠡᠵᠦ ᠬᠠᠪᠢ ᠲᠥᠰᠦᠷ ᠲᠤ ᠪᠠᠨ ᠠᠯᠳᠠᠷ ᠲᠠᠢ ᠶᠤᠮ ᠴᠢᠨᠢ ᠬᠤᠷᠤᠳ ᠤᠨ ᠬᠢᠨᠢ ᠠᠮᠲᠠ ᠴᠦ ᠭᠡᠵᠦ ᠬᠡᠯᠡᠨ᠎ᠡ ᠦᠦ ᠳ᠋ᠠ︕ ᠶᠠᠷᠢᠯᠴᠠᠭᠠᠨ ᠳᠤᠮᠳᠠ ᠪᠠᠨ ᠪᠢ ᠲᠡᠳᠡᠨ ᠤ ᠬᠢᠨ ᠨᠢᠭᠡ ᠬᠡᠰᠡᠭ ᠬᠤᠷᠤᠳ ᠢᠶᠠᠨ ᠲᠠᠪᠢ ᠵᠢᠷᠠᠨ ᠲᠥᠭᠦᠷᠢᠭ ᠢᠶᠠᠷ ᠬᠠᠩᠰᠢᠯᠠᠵᠦ ᠪᠤᠰᠤᠳ ᠲᠤ ᠲᠠᠯ᠎ᠠ ᠬᠦᠷᠭᠡᠬᠦ ᠭᠡᠵᠦ ᠡᠷᠢᠵᠦ ᠢᠷᠡᠳᠡᠭ ᠬᠦᠮᠦᠰ ᠦᠷᠭᠦᠯᠵᠢ ᠬᠠᠩᠭᠠᠳᠠᠭ ᠢ ᠣᠯᠵᠦ ᠮᠡᠳᠡᠪᠡ᠃ ᠶᠣᠰᠤᠲᠠᠢ ᠯᠠ ︽ᠡᠳ᠋ ᠬᠤᠪᠤᠷ ᠲᠤ ᠪᠠᠨ ᠦᠨᠡᠲᠡᠢ ︾ ᠭᠡᠳᠡᠭ ᠡᠨᠡ ᠪᠢᠵᠡ︕ ᠪᠤᠴᠠᠬᠤ ᠳᠤ ᠪᠠᠨ ᠪᠢ ᠪᠠᠰᠠ ᠠᠬ᠎ᠠ᠂ ᠡᠭᠡᠴᠢ ᠳᠡᠭᠦᠦ ᠨᠠᠷ ᠲᠤ ᠪᠠᠨ ᠪᠡᠯᠡᠭ ᠪᠤᠯᠭᠠᠶ᠎ᠠ ᠭᠡᠵᠦ ᠠᠷᠪᠠᠨ ᠬᠡᠰᠡᠭ ᠬᠤᠷᠤᠳ ᠬᠤᠳᠠᠯᠳᠣᠨ ᠠᠪᠤᠭᠰᠠᠨ ᠪᠤᠯᠪᠠᠴᠦ ᠵᠠᠭᠤᠲᠤ ᠶᠢᠨ ᠳᠡᠪᠢᠰᠭᠡᠷᠲᠦ ᠪᠠᠨ ᠲᠠᠪᠤ ᠶᠢ ᠰᠤᠭᠤᠯᠵᠦ ᠭᠠᠷᠳᠠᠭᠤᠯᠬᠤ ᠦᠶ᠎ᠡ ᠳᠤ ᠪᠠᠨ ᠲᠤᠳᠤᠷ᠎ᠠ ︽ᠰᠢᠷ︾ ᠬᠢᠬᠦ‍ ᠰᠢᠭ ᠪᠤᠯᠤᠭᠰᠠᠨ ᠢ ᠨᠢᠭᠤᠬᠤ ᠬᠡᠷᠡᠭ ᠶᠠᠭᠤ ᠪᠢᠯᠡ᠃     ᠠᠢ᠂ ᠡᠳᠦᠷ ᠠᠴᠠ ᠡᠳᠦᠷ ᠬᠤᠯᠠᠳᠠᠭᠰᠠᠨ᠂ ᠦᠰᠴᠦ ᠪᠤᠶᠢᠵᠢᠭᠰᠠᠨ ᠪᠠᠭ᠎ᠠ ᠨᠠᠰᠤᠨ ᠳᠤ ᠮᠢᠨᠢ ᠥᠯ ᠰᠢᠮ᠎ᠡ ᠬᠠᠩᠭᠠᠭᠰᠠᠨ᠂ ᠦᠭᠡᠳᠡᠯᠡᠬᠦ ᠪᠠᠷ ᠵᠢᠳᠭᠦᠭᠰᠡᠨ ᠬᠠᠲᠠᠭᠤᠬᠠᠨ ᠠᠮᠢᠳᠤᠷᠠᠯ ᠳᠤ ᠮᠢᠨᠢ ᠠᠴᠢ ᠬᠡᠰᠢᠭ ᠢᠶᠠᠨ ᠬᠦᠷᠲᠡᠭᠡᠭᠰᠡᠨ ᠡᠵᠢ ᠶᠢᠨ ᠬᠢᠭᠰᠡᠨ ᠬᠤᠷᠤᠳ ᠢ ᠪᠢ ᠤᠳᠤ ᠲᠠᠩᠳᠠ ᠵᠡᠬᠦᠳᠦᠨ ᠳᠤ ᠪᠠᠨ ᠯᠠ ᠤᠯᠵᠤ ᠲᠠᠮᠰᠢᠶᠠᠯᠠᠬᠤ ᠪᠣᠯᠣᠭᠰᠠᠨ ᠴᠦ ᠶᠤᠮ ᠪᠣᠯᠪᠠ ᠦᠦ︖                                                                     ︵ᠪ᠊ · ᠮᠥᠴᠢᠷ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号