ᠨᠠᠢᠮᠠᠨ ᠬᠤᠰᠢᠭᠤᠨ ᠤ ︵ᠮᠤᠩᠭᠤᠯ︶ ᠸᠠᠩ ᠤᠨ ᠬᠤᠷᠤᠭ᠎ᠠ ᠶᠢᠨ   ᠮᠥᠽᠸᠢ ᠲᠠᠬᠢᠨ ᠰᠢᠨ᠎ᠡ ᠪᠠᠷ ᠡᠭᠦᠳᠡ  ᠪᠠᠨ ᠨᠡᠬᠡᠭᠡᠬᠦ ᠪᠤᠯᠪᠠ
ᠨᠡᠶᠢᠲᠡᠯᠡᠭᠰᠡᠨ ᠴᠠᠭ᠄
2018-05-30
     2017 ᠤᠨ ᠤ 8 ᠰᠠᠷ᠎ᠠ ᠶᠢᠨ 10 ᠤ ᠡᠳᠦᠷ᠂ ᠬᠤᠶᠠᠷ ᠵᠢᠯ ᠤᠨ ᠬᠤᠭᠤᠴᠠᠭ᠎ᠠ ᠶᠢ ᠵᠠᠷᠤᠴᠠᠭᠤᠯᠵᠤ ᠰᠡᠯᠪᠢᠨ ᠵᠠᠰᠠᠭᠰᠠᠨ ᠨᠠᠢᠮᠠᠨ ︵ᠮᠤᠩᠭᠤᠯ︶ ᠸᠠᠩ ᠤᠨ ᠬᠤᠷᠤᠭ᠎ᠠ ᠶᠢᠨ ᠮᠥᠽᠸᠢ ᠲᠠᠬᠢᠨ ᠰᠢᠨ᠎ᠡ ᠪᠠᠷ   ᠡᠭᠦᠳᠡ ᠪᠠᠨ ᠨᠡᠬᠡᠭᠡᠬᠦ ᠪᠤᠯᠪᠠ᠃ ᠡᠭᠦᠳᠡ ᠪᠠᠨ ᠨᠡᠬᠡᠭᠡᠬᠦ  ᠲᠤᠬᠠᠢ ᠶᠢᠨ   ᠡᠳᠦᠷ᠂ ᠡᠭᠦᠳᠡ ᠨᠡᠬᠡᠭᠡᠬᠦ ᠶᠣᠰᠤᠯᠠᠯ ᠦᠪᠡᠳᠡᠭᠰᠢ ᠶᠡᠭᠡ  ᠪᠠᠷ ᠶᠠᠪᠤᠭᠳᠠᠭᠤᠯᠤᠨ᠂   ᠨᠠᠢᠮᠠᠨ ᠤ ᠲᠡᠥᠬᠡ ᠰᠤᠶᠤᠯ ᠤᠨ ᠡᠷᠳᠡᠮ ᠰᠢᠨᠵᠢᠯᠡᠭᠡᠨ ᠤ   ᠶᠠᠷᠢᠯᠴᠠᠨ ᠰᠤᠳᠤᠯᠬᠤ ᠬᠤᠷᠠᠯ᠂ ᠪᠢᠴᠢᠯᠭᠡ ᠵᠢᠷᠤᠭ ᠤᠳᠬ᠎ᠠ ᠤᠷᠠᠯᠢᠭ ᠤᠨ ᠦᠵᠦᠭ ᠤᠨ ᠴᠤᠭᠯᠠᠭᠠᠨ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ   ᠪᠠᠶᠢᠭᠤᠯᠤᠭᠳᠠᠭᠰᠠᠨ 70 ᠵᠢᠯ ᠤᠨ ᠤᠢ ᠶᠢᠨ ᠲᠣᠮᠤ ᠬᠡᠪᠴᠢᠶᠡᠨ ᠤ ᠲᠡᠥᠬᠡᠨ ᠦᠷ᠎ᠡ ᠪᠦᠳᠦᠭᠡᠯ ᠤᠨ ᠵᠢᠷᠤᠭ   ᠵᠡᠷᠭᠡ ᠶᠢᠨ ᠲᠡᠯᠭᠡᠨ ᠦᠵᠡᠭᠦᠯᠦᠯᠭᠡ ᠶᠢᠨ ᠬᠦᠳᠡᠯᠭᠡᠭᠡᠨ ᠢ ᠦᠷᠨᠢᠭᠦᠯᠪᠡ᠃       ᠨᠠᠢᠮᠠᠨ ︵ᠮᠤᠩᠭᠤᠯ︶ ᠸᠠᠩ ᠤᠨ ᠬᠤᠷᠤᠭ᠎ᠠ ᠶᠢᠨ ᠮᠥᠽᠸᠢ ᠪᠣᠯ ᠨᠠᠢᠮᠠᠨ ᠬᠤᠰᠢᠭᠤᠨ ᠤ ᠳᠠᠴᠢᠨᠳᠠᠯ᠎ᠠ ᠪᠠᠯᠭᠠᠰᠤᠨ ᠤ ᠬᠢᠯᠢ ᠳᠤ   ᠣᠷᠤᠰᠢᠵᠣ᠂   ᠬᠤᠰᠢᠭᠤᠨ   ᠲᠦᠪ ᠳᠠᠴᠢᠨᠳᠠᠯ᠎ᠠ ᠪᠠᠯᠭᠠᠰᠤ ᠶᠢᠨ ᠸᠠᠩ ᠹᠦ᠋   ᠵᠡᠭᠡᠯᠢ ᠶᠢᠨ ᠪᠠᠷᠠᠭᠤᠨ ᠬᠡᠰᠡᠭ ᠤᠨ ᠤᠮᠠᠷ᠎ᠠ ᠲᠠᠯ᠎ᠠ ᠲᠤ ᠪᠠᠶᠢᠨ᠎ᠠ  ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ ᠤ ᠬᠠᠮᠤᠭ ᠤᠨ ᠪᠦᠷᠢᠨ ᠪᠦᠳᠦᠨ ᠬᠠᠳᠠᠭᠠᠯᠠᠭᠳᠠᠵᠤ ᠪᠠᠶᠢᠭ᠎ᠠ ᠴᠢᠩ ᠤᠨ   ᠦᠶ᠎ᠡ ᠶᠢᠨ ︵ᠮᠤᠩᠭᠤᠯ︶ ᠸᠠᠩ ᠤᠨ ᠬᠤᠷᠤᠭ᠎ᠠ ᠶᠢᠨ ᠨᠢᠭᠡ ᠨᠢ ᠪᠤᠯᠤᠨ᠎ᠠ᠃ ᠴᠢᠩ ᠤᠯᠤᠰ ᠤᠨ ᠨᠠᠢᠮᠠᠨ ᠬᠤᠰᠢᠭᠤᠨ ᠤ ᠬᠠᠮᠤᠭ ᠤᠨ ᠲᠡᠭᠡᠳᠤ ᠨᠤᠶᠠᠷᠬᠠᠭᠴᠢ ᠠᠩᠬᠢ ᠶᠢᠨ ᠠᠯᠪᠠᠨ   ᠪᠠᠶᠢᠭᠤᠯᠭ᠎ᠠ ᠶᠢᠨ ᠰᠠᠭᠤᠭ᠎ᠠ ᠭᠠᠵᠠᠷ ᠪᠠᠶᠢᠵᠤ᠂   ᠬᠤᠪᠤᠷ ᠲᠣᠬᠢᠶᠠᠯᠳᠤᠬᠤ ᠦᠨᠳᠦᠰᠦᠳᠡᠨ ᠤ   ᠦᠪ ᠰᠤᠶᠤᠯ ᠤᠨ ᠬᠦᠰᠢᠭᠦᠷᠭᠡ ᠪᠤᠯᠤᠨ᠎ᠠ᠃ ᠤᠤᠯ ᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ ᠤ ᠨᠠᠮ ᠤᠨ ᠡᠭᠦᠷ ᠤᠨ ᠱᠦᠵᠢ᠂ ᠪᠦᠬᠦ   ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ   ᠪᠠᠶᠢᠩᠭᠤ ᠶᠢᠨ ᠬᠤᠷᠢᠶ᠎ᠠ ᠶᠢᠨ ᠳᠡᠳ᠋ ᠬᠤᠷᠢᠶᠠᠨ ᠳᠠᠷᠤᠭ᠎ᠠ ᠪᠦᠬᠡ ᠠᠴᠠ ᠸᠠᠩ ᠤᠨ ᠬᠤᠷᠤᠭᠠᠨ ᠤ ᠮᠥᠽᠸᠢ ᠳᠤ ︽ᠨᠠᠢᠮᠠᠨ ᠬᠤᠰᠢᠭᠤᠨ ᠤ ︵ᠮᠤᠩᠭᠤᠯ︶ ᠸᠠᠩ ᠤᠨ ᠬᠤᠷᠤᠭ᠎ᠠ ᠶᠢᠨ   ᠮᠥᠽᠸᠢ︾ ᠭᠡᠰᠡᠨ ᠭᠠᠷ ᠤᠨ ᠦᠰᠦᠭ ᠲᠠᠢ   ᠪᠢᠴᠢᠭᠡᠰᠦ ᠦᠯᠡᠳᠡᠭᠡᠭᠰᠡᠨ ᠶᠤᠮ᠃ 2004 ᠤᠨ ᠤ 8 ᠰᠠᠷ᠎ᠠ  ᠶᠢᠨ ᠡᠬᠢᠨ ᠢᠶᠠᠷ᠂ ᠮᠠᠥ ᠽᠧ ᠳ᠋ᠦᠩ ᠲᠡᠷᠢᠭᠦᠯᠡᠭᠴᠢ ᠶᠢᠨ ᠬᠤᠶᠠᠳᠤᠭᠠᠷ ᠬᠦᠦ ᠪᠡᠷᠢ ᠱᠤᠤ ᠬᠤᠸᠠ ᠵᠠᠩᠵᠤᠨ   ᠪᠠᠶᠠᠰᠤᠯ ᠲᠠᠢ ᠪᠠᠷ ᠠᠳᠡ ᠢᠷᠡᠵᠦ ᠲᠣᠭᠤᠷᠢᠨ ᠦᠵᠡᠭᠰᠡᠨ ᠶᠤᠮ᠃ 2013 ᠣᠨ ᠳᠤ ᠪᠦᠬᠦ ᠣᠷᠤᠨ ᠤ ᠭᠤᠤᠯᠳᠠᠯᠭᠠᠳᠤ ᠲᠡᠥᠬᠡᠨ ᠲᠤᠷᠠᠰᠬᠠᠯᠳᠤ ᠵᠦᠢᠯᠡᠰ ᠢ ᠬᠠᠮᠠᠭᠠᠯᠠᠬᠤ ᠨᠢᠭᠡᠴᠡ ᠶᠢᠨ ᠰᠠᠭᠤᠷᠢᠨ ᠲᠡᠭᠡᠷ᠎ᠡ᠂   ᠴᠢᠩ ᠤᠨ ᠦᠶ᠎ᠡ ᠶᠢᠨ ᠨᠠᠢᠮᠠᠨ ︵ᠮᠤᠩᠭᠤᠯ︶ ᠸᠠᠩ ᠤᠨ ᠬᠤᠷᠤᠭ᠎ᠠ ᠶᠢᠨ   ᠤᠨᠴᠠ ᠪᠠᠶᠢᠬᠤ ᠲᠡᠥᠬᠡᠨ ᠲᠤᠷᠠᠰᠬᠠᠯᠳᠤ ᠵᠦᠢᠯᠡᠰ  ᠤᠨ ᠦᠨ᠎ᠡ   ᠦᠷᠳᠡᠭ ᠢᠶᠠᠷ ᠢᠶᠠᠨ ᠲᠦᠷᠦ ᠶᠢᠨ ᠶᠠᠪᠤᠳᠠᠯ ᠤᠨ ᠬᠤᠷᠢᠶᠠᠨ ᠳᠤ ᠪᠦᠬᠦ ᠤᠯᠤᠰ ᠤᠨ ᠲᠤᠯᠤᠳᠤᠭᠠᠷ ᠪᠦᠯᠦᠭ ᠤᠨ ᠭᠤᠤᠯᠳᠠᠯᠭᠠᠳᠤ ᠲᠡᠥᠬᠡᠨ ᠲᠤᠷᠠᠰᠬᠠᠯᠳᠤ ᠵᠦᠢᠯᠡᠰ ᠢ  ᠬᠠᠮᠠᠭᠠᠯᠠᠬᠤ ᠨᠢᠭᠡᠴᠡ ᠪᠠᠷ ᠨᠡᠶᠢᠳᠡᠯᠡᠭᠳᠡᠵᠡᠢ᠃     ᠨᠠᠢᠮᠠᠨ ︵ᠮᠤᠩᠭᠤᠯ︶ ᠸᠠᠩ ᠤᠨ ᠬᠤᠷᠤᠭ᠎ᠠ 31000 ᠲᠡᠭᠰᠢ ᠲᠦᠷᠪᠡᠯᠵᠢᠨ ᠮᠧᠲᠷ ᠭᠠᠵᠠᠷ ᠢ ᠡᠵᠡᠯᠡᠨ᠂ 191 ᠢᠯᠡᠭᠦᠦ ᠲᠠᠰᠤᠯᠭ᠎ᠠ   ᠥᠷᠦᠭᠡ ᠲᠠᠢ᠂ ᠬᠤᠷᠤᠭᠠᠨ ᠲᠣᠳᠣᠷ᠎ᠠ ᠬᠤᠷᠤᠭ᠎ᠠ ᠶᠢᠨ ᠪᠦᠳᠦᠴᠡ ᠪᠠᠶᠢᠷᠢᠰᠢᠯ ᠲᠠᠢ᠃   ᠪᠠᠷᠢᠯᠭ᠎ᠠ ᠨᠢ ᠪᠦᠬᠦᠨ ᠢᠶᠠᠷ  ᠢᠶᠠᠨ   ᠬᠦᠬᠡ ᠸᠠᠭᠠᠷ ᠬᠦᠬᠡ ᠲᠤᠭᠤᠰᠬ᠎ᠠ ᠶᠢ ᠬᠡᠷᠡᠭᠯᠡᠨ᠂ ᠬᠡᠷᠡᠮ ᠴᠤᠭᠴᠠᠰ ᠢᠶᠠᠨ ᠪᠦᠬᠡᠯᠢᠭ ᠰᠠᠶᠢᠬᠠᠨ ᠪᠤᠰᠬᠠᠵᠤ᠂   ᠭᠡᠷ ᠤᠨ ᠨᠢᠷᠤᠭᠤ ᠨᠢ   ᠯᠣᠣ ᠶᠢᠨ ᠰᠡᠶᠢᠯᠦᠮᠡᠯ ᠲᠠᠢ   ᠨᠠᠷᠠᠰᠤᠨ ᠮᠤᠳᠤᠨ ᠪᠦᠳᠦᠴᠡ  ᠲᠠᠢ᠂   ᠭᠡᠷ ᠤᠨ ᠲᠡᠭᠡᠪᠦᠷ ᠨᠢ ᠮᠠᠳᠠᠷ ᠤᠨ ᠲᠣᠯᠤᠭᠠᠢ ᠲᠠᠢ ᠲᠤᠰᠬᠤᠭᠤᠷ ᠸᠠᠭᠠᠷ ᠢ ᠵᠦᠢ   ᠶᠤᠰᠤ ᠲᠠᠢ ᠵᠡᠷᠭᠡᠯᠡᠨ   ᠵᠢᠭᠰᠠᠭᠠᠵᠤ᠂   ᠡᠮᠦᠨ᠎ᠡ ᠬᠤᠩᠬᠢᠯ ᠠᠷᠤ ᠥᠷᠦᠭᠡ ᠨᠢ   ᠬᠡᠭᠡᠨᠴᠢᠷ ᠭᠤᠶᠤᠮᠰᠤᠭ᠂ ᠭᠦᠨ ᠵᠤᠵᠠᠭᠠᠨ ᠦᠨᠳᠦᠰᠦᠳᠡᠨ  ᠤ ᠤᠨᠴᠠᠯᠢᠭ ᠰᠢᠨᠵᠢ ᠲᠠᠢ᠃ ᠪᠦᠬᠦᠶᠢᠯᠡ   ᠪᠠᠶᠢᠷᠢᠯᠠᠭᠤᠯᠤᠯᠳᠠ ᠨᠢ ᠹᠸᠥᠳᠠᠯ ᠨᠡᠶᠢᠭᠡᠮ ᠤᠨ ᠸᠠᠩ ᠭᠦᠩ ᠤᠨ ︽ᠨᠡᠷ᠎ᠡ ᠬᠦᠨᠳᠦ︾ ᠪᠠ   ᠲᠦᠪ ᠴᠢᠩᠭ᠎ᠠ ᠹᠸᠥᠳᠠᠯ ᠨᠡᠶᠢᠭᠡᠮ ᠤᠨ ᠵᠡᠷᠭᠡ ᠲᠡᠰ ᠤᠨ   ᠲᠦᠷᠢᠮ ᠲᠣᠭᠳᠠᠭᠠᠯ ᠢ   ᠲᠤᠰᠬᠠᠵᠤ᠂   ᠬᠢᠴᠠ ᠵᠠᠭᠪᠤᠷ ᠪᠠ ᠪᠦᠳᠦᠴᠡ ᠨᠢ ᠮᠠᠨ ᠤ ᠤᠯᠤᠰ ᠤᠨ   ᠡᠷᠳᠡᠨ ᠤ ᠪᠠᠷᠢᠯᠭ᠎ᠠ ᠶᠢᠨ ᠤᠳᠬ᠎ᠠ ᠤᠷᠠᠯᠢᠭ ᠤᠨ ᠰᠢᠯᠢᠳᠡᠭ ᠰᠠᠶᠢᠨ ᠤᠯᠠᠮᠵᠢᠯᠠᠯᠳᠤ ᠬᠡᠪ ᠨᠠᠮᠪᠠ ᠪᠠ ᠦᠪᠡᠷᠮᠢᠴᠡ ᠣᠨᠴᠠᠯᠢᠭ ᠢ   ᠢᠯᠡᠷᠡᠭᠦᠯᠵᠡᠢ᠃   ᠦᠯᠡᠳᠡᠭᠳᠡᠵᠦ ᠪᠦᠬᠦᠢ ᠲᠡᠥᠬᠡᠨ ᠲᠤᠷᠠᠰᠬᠠᠯᠳᠤ   ᠵᠦᠢᠯᠡᠰ ᠨᠢ ᠴᠢᠩ ᠤᠨ ᠦᠶ᠎ᠡ ᠶᠢᠨ ᠬᠢᠯᠢ ᠲᠠᠭᠠᠥ ᠣᠷᠤᠨ ᠤ ᠴᠦᠬᠡᠨ ᠲᠤᠭᠠᠳᠤ ᠦᠨᠳᠦᠰᠦᠳᠡᠨ ᠤ   ᠤᠯᠤᠰ ᠲᠦᠷᠦ  ᠂ ᠠᠵᠤ ᠠᠬᠤᠢ᠂   ᠰᠤᠶᠤᠯ᠂ ᠤᠳᠬ᠎ᠠ ᠤᠷᠠᠯᠢᠭ ᠵᠢᠴᠢ ᠴᠦᠬᠡᠨ ᠲᠤᠭᠠᠳᠤ ᠦᠨᠳᠦᠰᠦᠳᠡᠨ ᠤ   ᠵᠠᠩ ᠲᠠᠳᠬᠠᠯ ᠵᠡᠷᠭᠡ ᠶᠢ ᠰᠤᠳᠤᠯᠬᠤ ᠳᠤ ᠶᠡᠭᠡ ᠬᠡᠮᠵᠢᠶᠡᠨ ᠤ ᠪᠤᠳᠠᠳᠤ ᠮᠠᠲ᠋ᠧᠷᠢᠶᠠᠯ ᠢ ᠬᠠᠩᠭᠠᠵᠠᠢ᠃       ᠨᠠᠢᠮᠠᠨ ᠬᠤᠰᠢᠭᠤ ᠪᠣᠯ ᠠᠭᠤᠯᠠ ᠮᠦᠷᠡᠨ ᠰᠦᠷᠯᠢᠭ ᠰᠠᠶᠢᠬᠠᠨ᠂ ᠦᠨᠢ ᠤᠳᠠᠭᠠᠨ ᠲᠡᠥᠬᠡ ᠲᠠᠢ᠂ ᠤᠮᠠᠷᠠᠳᠤ ᠣᠷᠤᠨ ᠤ ᠮᠤᠷᠢᠨ ᠨᠢᠷᠤᠭᠤᠨ ᠲᠡᠭᠡᠷᠡᠬᠢ ᠦᠨᠳᠦᠰᠦᠳᠡᠨ   ᠤ ᠡᠷᠬᠡ ᠦᠭᠡᠢ ᠪᠤᠯᠢᠶᠠᠯᠳᠤᠬᠤ ᠭᠠᠵᠠᠷ ᠣᠷᠤᠨ ᠪᠠᠶᠢᠵᠤ᠂ ᠶᠤᠸᠠᠨ ᠮᠢᠩ ᠬᠤᠶᠠᠷ ᠲᠦᠷᠦ ᠶᠢᠨ ᠦᠶ᠎ᠡ ᠳᠤ᠂ ᠨᠠᠢᠮᠠᠨ ᠠᠶᠢᠮᠠᠭ ᠤᠨ ᠪᠠᠶᠢᠷᠢ ᠰᠠᠭᠤᠷᠢ ᠨᠡᠷ᠎ᠡ ᠠᠯᠳᠠᠷᠳᠠᠢ   ᠪᠠᠶᠢᠵᠤ ᠪᠦᠬᠦ ᠲᠠᠯ᠎ᠠ ᠶᠢ ᠨᠦᠯᠦᠭᠡᠯᠡᠵᠦ ᠪᠠᠶᠢᠵᠠᠢ᠃ ᠣᠨᠴᠤᠭᠤᠶᠢᠯᠠᠨ ᠴᠢᠩ ᠤᠨ ᠦᠶ᠎ᠡ ᠳᠤ ᠬᠦᠷᠦᠭᠡᠳ᠂ ᠮᠠᠨᠵᠤ ᠮᠤᠩᠭᠤᠯ ᠬᠤᠳᠠ ᠤᠷᠤᠭ ᠪᠠᠷᠢᠯᠳᠤᠬᠤ ᠲᠦᠷᠦ ᠶᠢᠨ ᠦᠨᠳᠦᠰᠦᠨ ᠪᠤᠳᠤᠯᠭ᠎ᠠ ᠪᠠ ᠠᠶᠢᠮᠠᠭ   ᠬᠤᠰᠢᠭᠤᠨ ᠤ ᠲᠦᠷᠢᠮ ᠲᠣᠭᠳᠠᠭᠠᠯ ᠢ   ᠬᠡᠷᠡᠭᠵᠢᠭᠦᠯᠦᠭᠰᠡᠨ ᠠᠴᠠ᠂ ᠨᠠᠢᠮᠠᠨ ᠬᠤᠰᠢᠭᠤ ᠨᠢ ᠲᠣᠳᠤᠭᠠᠳᠤ ᠵᠠᠰᠠᠭ ᠤᠨ 24 ᠠᠶᠢᠮᠠᠭ᠂ 49 ᠬᠤᠰᠢᠭᠤᠨ ᠤ ᠨᠢᠭᠡ ᠨᠢ ᠪᠤᠯᠵᠠᠢ᠃ ᠴᠢᠩ ᠤᠨ ᠲᠡᠭᠡᠳᠤ ᠡᠷᠳᠡᠮᠳᠤ ᠬᠠᠭᠠᠨ ᠤ ᠠᠩᠬᠠᠨ ᠤ   ᠤᠨ ︵1636   ᠣᠨ ︶ ᠳᠤ ᠴᠢᠩᠭᠢᠰ ᠤᠨ ᠬᠤᠷᠢᠳᠤᠭᠠᠷ ᠦᠶ᠎ᠡ ᠶᠢᠨ ᠤᠮᠪᠤᠯᠤ ᠭᠤᠨᠴᠤᠭ ᠪᠠᠰᠠ ᠴᠢᠩ ᠤᠨ ᠵᠠᠰᠠᠭ ᠤᠨ ᠣᠷᠳᠤᠨ ᠳᠤ   ᠵᠠᠰᠠᠭ ᠲᠦᠷᠦᠳᠦ ᠲᠠᠷᠬᠠᠨ ᠵᠢᠶᠦ᠋ᠨ ᠸᠠᠩ ᠢᠶᠠᠷ ᠡᠷᠭᠦᠮᠵᠢᠯᠡᠭᠳᠡᠵᠦ᠂ ᠦᠶ᠎ᠡ ᠤᠯᠠᠮᠵᠢᠯᠠᠬᠤ ᠤᠨᠴᠤᠭᠤᠢ ᠦᠩᠭᠡ   ᠭᠢᠯᠪᠠᠭ᠎ᠠ ᠶᠢ ᠡᠳ᠋ᠯᠡᠭᠰᠡᠨ ᠶᠤᠮ᠃ ᠡᠭᠦᠨ ᠠᠴᠠ ᠰᠡᠭᠦᠯᠡᠷ᠂ ᠨᠠᠢᠮᠠᠨ 12 ᠦᠶ᠎ᠡ ᠶᠢᠨ 16 ᠸᠠᠩᠶᠧ ᠲᠤᠰᠢᠶᠠᠯ ᠬᠠᠷᠢᠭᠤᠴᠠᠨ ᠨᠡᠶᠢᠳᠡ 300 ᠵᠢᠯ ᠤᠨ ᠨᠤᠶᠠᠷᠬᠠᠯ  ᠤᠨ ᠲᠡᠥᠬᠡ ᠶᠢ ᠡᠬᠢᠯᠡᠭᠰᠡᠨ ᠶᠤᠮ᠃ ᠶᠠᠭ ᠡᠨᠡᠬᠦ ᠬᠤᠪᠢᠷᠠᠯᠳᠠ   ᠶᠬᠡᠲᠠᠢ ᠲᠡᠥᠬᠡ   ᠨᠢ ᠪᠢᠳᠡᠨ ᠳᠤ ᠰᠦᠷ ᠵᠢᠪᠬᠤᠯᠠᠩ ᠲᠠᠢ ᠡᠪᠯᠢᠭ ᠰᠠᠶᠢᠬᠠᠨ ᠪᠠᠷᠢᠯᠭ᠎ᠠ ᠲᠠᠢ   ᠵᠠᠰᠠᠭ   ᠲᠦᠷᠦᠳᠦ   ᠲᠠᠷᠬᠠᠨ ᠵᠢᠶᠦ᠋ᠨ ᠸᠠᠩ ᠤᠨ ᠬᠤᠷᠤᠭ᠎ᠠ ᠶᠢ ᠦᠯᠡᠳᠡᠭᠡᠨ ᠦᠭᠴᠦ᠂ ᠦᠨᠦᠳᠦᠷ ᠤᠨ   ᠪᠢᠳᠡᠨ ᠢ ᠮᠦᠨ ᠡᠨᠡᠬᠦ ᠸᠠᠩ ᠤᠨ ᠬᠤᠷᠤᠭ᠎ᠠ ᠪᠠᠷ ᠤᠶᠢᠷ᠎ᠠ ᠶᠢᠨ ᠭᠤᠷᠪᠠᠨ ᠵᠠᠭᠤᠨ ᠵᠢᠯ ᠤᠨ ᠨᠠᠢᠮᠠᠨ ᠤ ᠤᠯᠤᠰ ᠲᠦᠷᠦ᠂ ᠠᠵᠤ ᠠᠬᠤᠢ᠂ ᠰᠤᠶᠤᠯ᠂   ᠵᠠᠩ ᠲᠠᠳᠬᠠᠯ ᠤᠨ ᠬᠦᠭᠵᠢᠯᠳᠡ ᠶᠢ ᠡᠷᠭᠢᠴᠡᠭᠦᠯᠵᠦ᠂ ᠨᠠᠢᠮᠠᠨ   ᠤ ᠴᠢᠩ ᠤᠯᠤᠰ ᠤᠨ ᠨᠤᠶᠠᠷᠬᠠᠯ ᠤᠨ ᠦᠶ᠎ᠡ   ᠳᠤ ᠬᠢ ᠪᠠᠶᠢᠷᠢ ᠰᠠᠭᠤᠷᠢ ᠶᠢ ᠨᠡᠪᠳᠡᠷᠬᠡᠢ ᠤᠶᠢᠯᠠᠭᠠᠨ᠂ ᠪᠠᠷᠢᠯᠭ᠎ᠠ ᠨᠢᠭᠡᠪᠦᠷᠢ᠂ ᠲᠡᠥᠬᠡ ᠶᠢᠨ ᠲᠤᠷᠠᠰᠬᠠᠯᠳᠤ ᠵᠦᠢᠯᠡᠰ ᠨᠢᠭᠡᠪᠦᠷᠢ ᠶᠢᠨ ᠠᠭᠤᠯᠤᠭᠳᠠᠵᠤ ᠪᠠᠶᠢᠬᠤ ᠭᠦᠨ   ᠤᠬᠠᠭᠠᠨ ᠤ ᠦᠵᠡᠯ ᠰᠠᠨᠠᠭ᠎ᠠ ᠪᠠ ᠭᠤᠸ᠎ᠠ ᠵᠦᠢ  ᠶᠢᠨ ᠤᠳᠬ᠎ᠠ ᠰᠠᠨᠠᠭ᠎ᠠ ᠶᠢ ᠤᠬᠠᠵᠤ ᠪᠤᠯᠤᠨ᠎ᠠ᠃ ᠨᠢᠭᠡ ᠯᠡ ᠦᠭᠡ ᠪᠠᠷ ᠬᠡᠯᠡᠪᠡᠯ᠂ ᠲᠡᠷᠡ ᠪᠣᠯ ᠡᠯᠪᠡᠭ ᠪᠠᠶᠠᠯᠢᠭ ᠡᠷᠳᠡᠨᠢᠰ ᠤᠨ ᠰᠠᠩ᠂ ᠦᠨᠳᠦᠰᠦᠳᠡᠨ ᠪᠠ ᠦᠨᠳᠦᠰᠦᠳᠡᠨ ᠤ ᠬᠤᠭᠤᠷᠤᠨᠳᠤᠬᠢ ᠨᠢᠭᠳᠠᠷᠠᠯ ᠪᠦᠯᠬᠦᠮᠳᠡᠯ ᠤᠨ ᠪᠡᠯᠭᠡ ᠲᠡᠮᠳᠡᠭ᠂ ᠲᠤᠮᠳᠠᠳᠤ ᠶᠢᠨ ᠦᠨᠳᠦᠰᠦᠳᠡᠨ ᠤ ᠰᠤᠶᠤᠯ ᠤᠨ ᠦᠯᠡᠳᠡᠭᠳᠡᠯ ᠤᠨ ᠴᠢᠬᠤᠯᠠ ᠪᠦᠷᠢᠯᠳᠦᠭᠦᠨ ᠬᠡᠰᠡᠭ ᠪᠤᠯᠤᠨ᠎ᠠ᠃       ᠡᠷᠬᠢᠮ ᠨᠠᠨᠳᠢᠨ ᠲᠡᠥᠬᠡ ᠰᠤᠶᠤᠯ ᠤᠨ ᠦᠯᠡᠳᠡᠭᠳᠡᠯ  ᠢᠶᠠᠨ ᠬᠠᠮᠠᠭᠠᠯᠠᠵᠤ᠂ ᠰᠢᠯᠢᠳᠡᠭ ᠰᠠᠶᠢᠨ ᠦᠨᠳᠦᠰᠦᠳᠡᠨ  ᠤ ᠦᠪ ᠰᠤᠶᠤᠯ  ᠢᠶᠠᠨ   ᠤᠯᠠᠮᠵᠢᠯᠠᠬᠤ ᠶᠢᠨ ᠲᠦᠯᠦᠭᠡ᠂ 1985 ᠤᠨ ᠤ 4 ᠰᠠᠷ᠎ᠠ ᠳᠤ᠂ ︽  ᠨᠠᠢᠮᠠᠨ ᠬᠤᠰᠢᠭᠤᠨ ᠤ ︵ᠮᠤᠩᠭᠤᠯ︶ ᠸᠠᠩ ᠤᠨ ᠬᠤᠷᠤᠭ᠎ᠠ ᠶᠢᠨ   ᠮᠥᠽᠸᠢ︾ ᠶᠢ ᠪᠠᠶᠢᠭᠤᠯᠤᠨ ᠭᠠᠳᠠᠭᠰᠢ   ᠨᠡᠭᠡᠬᠡᠪᠡ᠂ ᠮᠦᠽᠸᠢ ᠳᠤ ᠨᠠᠢᠮᠠᠨ ᠤ ︵ᠮᠤᠩᠭᠤᠯ︶ ᠸᠠᠩ ᠤᠨ ᠬᠤᠷᠤᠭ᠎ᠠ ᠶᠢᠨ ᠡᠳ᠋ᠯᠡᠯ ᠢ ᠤᠤᠯ ᠤᠨ ᠪᠠᠶᠢᠳᠠᠯ ᠢ   ᠰᠡᠷᠭᠦᠭᠡᠭᠰᠡᠨ ᠲᠡᠯᠭᠡᠨ ᠦᠵᠡᠭᠦᠯᠦᠯᠭᠡ ᠪᠠᠷ ᠭᠤᠤᠯ ᠪᠤᠯᠭᠠᠵᠤ᠂ ︽ᠲᠤᠰᠬᠠᠢ   ᠰᠡᠳᠦᠪᠳᠤ   ᠲᠡᠯᠭᠡᠨ ᠦᠵᠡᠭᠦᠯᠦᠯᠭᠡ︾ ᠪᠠᠷ ᠬᠠᠪᠰᠤᠷᠤᠭ᠎ᠠ ᠪᠤᠯᠭᠠᠭᠰᠠᠨ ᠣᠯᠠᠨ ᠦᠵᠡᠭᠦᠯᠦᠯᠭᠡ ᠶᠢᠨ   ᠦᠷᠦᠭᠡ   ᠲᠤᠬᠢᠷᠠᠭᠤᠯᠵᠤ᠂ ᠨᠠᠢᠮᠠᠨ ᠤ ︵ᠮᠤᠩᠭᠤᠯ︶ ᠸᠠᠩ ᠤᠨ ᠬᠤᠷᠤᠭ᠎ᠠ ᠶᠢᠨ ᠦᠶ᠎ᠡ ᠤᠯᠠᠮᠵᠢᠯᠠᠭᠰᠠᠨ ᠲᠡᠥᠬᠡ ᠶᠢᠨ ᠲᠤᠷᠠᠰᠬᠠᠯᠳᠤ ᠵᠦᠢᠯᠡᠰ   ᠢ ᠬᠡᠳᠦᠨ   ᠵᠠᠭᠤᠨ ᠵᠦᠢᠯ ᠲᠡᠯᠭᠡᠨ ᠦᠵᠡᠭᠦᠯᠦᠭᠰᠡᠨ ᠨᠠᠢᠮᠠᠨ ᠤ ︵ᠮᠤᠩᠭᠤᠯ︶ ᠸᠠᠩ ᠤᠨ ᠬᠤᠷᠤᠭ᠎ᠠ ᠶᠢᠨ ᠲᠡᠥᠬᠡ  ᠶᠢᠨ ᠦᠵᠡᠮᠵᠢ ᠶᠢ ᠲᠠᠬᠢᠨ ᠢᠯᠡᠷᠡᠭᠦᠯᠵᠡᠢ᠃ ᠨᠠᠢᠮᠠᠨ ᠤ ︵ᠮᠤᠩᠭᠤᠯ︶ ᠸᠠᠩ ᠤᠨ ᠬᠤᠷᠤᠭ᠎ᠠ ᠨᠢ   ᠦᠪᠡᠷᠮᠢᠴᠡ ᠤᠨᠴᠠᠯᠢᠭ ᠲᠠᠢ ᠲᠡᠥᠬᠡ ᠰᠤᠶᠤᠯ ᠤᠨ   ᠠᠬᠤᠭᠤᠯᠤᠭᠳᠠᠬᠤᠨ ᠪᠠ ᠡᠷᠳᠡᠨ ᠤ ᠪᠠᠷᠢᠯᠭ᠎ᠠ ᠶᠢᠨ   ᠲᠦᠷᠰᠦ ᠪᠠᠶᠢᠳᠠᠯ   ᠢᠶᠠᠷ ᠢᠶᠠᠨ ᠨᠠᠢᠮᠠᠨ ᠬᠤᠰᠢᠭᠤᠨ ᠤ ᠮᠤᠩᠭᠤᠯ ᠦᠨᠳᠦᠰᠦᠳᠡᠨ ᠤ   ᠲᠡᠥᠬᠡᠳᠤ ᠵᠠᠩ ᠦᠢᠯᠡ  ᠶᠢᠨ ᠦᠵᠡᠭᠦᠯᠦᠯᠭᠡ ᠶᠢᠨ ᠴᠤᠩᠬᠤ ᠪᠤᠯᠵᠠᠢ᠃       ᠣᠳᠤ ᠬᠤᠶᠠᠷ ᠵᠢᠯ ᠤᠨ   ᠲᠠᠬᠢᠨ ᠡᠮᠬᠢᠯᠡᠵᠦ ᠲᠡᠭᠰᠢᠯᠡᠬᠦ ᠪᠠᠷ ᠲᠠᠮᠵᠢᠨ ᠨᠠᠢᠮᠠᠨ ᠤ ︵ᠮᠤᠩᠭᠤᠯ︶ ᠸᠠᠩ ᠤᠨ ᠬᠤᠷᠤᠭ᠎ᠠ  ᠶᠢᠨ ᠮᠥᠽᠸᠢ ᠨᠢ ᠵᠠᠰᠠᠨ ᠰᠡᠯᠪᠢᠵᠦ ᠰᠠᠶᠢᠵᠢᠷᠠᠭᠰᠠᠨ ᠤ ᠲᠠᠷᠠᠭ᠎ᠠ ᠲᠠᠬᠢᠨ ᠰᠢᠨ᠎ᠡ ᠪᠠᠷ ᠡᠭᠦᠳᠡ ᠪᠠᠨ ᠨᠡᠬᠡᠭᠡᠬᠦ ᠪᠤᠯᠪᠠ᠃ ᠲᠡᠯᠭᠡᠨ ᠦᠵᠡᠭᠦᠯᠦᠯᠭᠡ ᠶᠢ ᠲᠠᠬᠢᠨ ᠲᠦᠰᠦᠪᠯᠡᠭᠰᠡᠨ ᠤ ᠲᠠᠷᠠᠭ᠎ᠠ᠂ 3 ᠲᠦᠷᠦᠯ ᠳᠤ ᠬᠤᠪᠢᠶᠠᠨ᠎ᠠ ᠃   ᠤᠤᠯ ᠤᠨ ᠪᠠᠶᠢᠳᠠᠯ ᠢ ᠰᠡᠷᠭᠦᠭᠡᠭᠰᠡᠨ ᠲᠡᠯᠭᠡᠨ ᠦᠵᠡᠬᠦᠯᠦᠯᠭᠡ ︵  ᠨᠡᠶᠢᠳᠡ 29 ᠦᠵᠡᠭᠦᠯᠦᠯᠭᠡ ᠶᠢᠨ   ᠦᠷᠦᠭᠡ︶ ︽ᠲᠤᠰᠬᠠᠢ   ᠰᠡᠳᠦᠪᠳᠤ   ᠲᠡᠯᠭᠡᠨ ᠦᠵᠡᠭᠦᠯᠦᠯᠭᠡ︾   ︵ᠨᠡᠶᠢᠳᠡ 6 ᠦᠵᠡᠭᠦᠯᠦᠯᠭᠡ ᠶᠢᠨ   ᠦᠷᠦᠭᠡ︶ ᠵᠢᠴᠢ ᠤᠷᠤᠯᠴᠠᠯᠭ᠎ᠠ ᠶᠢᠨ ᠮᠠᠶ᠋ᠢᠭ ᠲᠠᠢ ᠲᠡᠯᠭᠡᠨ ᠦᠵᠡᠭᠦᠯᠦᠯᠭᠡ ︵1   ᠦᠷᠦᠭᠡ︶᠃   ᠲᠤᠮᠳᠠ ᠶᠢᠨ ᠵᠠᠮ ᠤᠨ ᠬᠡᠰᠡᠭ ᠲᠤ ᠸᠠᠩ  ᠤᠨ  ᠬᠤᠷᠤᠭ᠎ᠠ  ᠶᠢᠨ ᠭᠤᠤᠯ ᠣᠷᠳᠤᠨ ᠵᠢᠴᠢ ᠸᠠᠩᠶᠧ  ᠶᠢᠨ ᠣᠷᠳᠤᠨ᠂ ᠵᠡᠭᠦᠨ ᠵᠠᠮ ᠤᠨ ᠬᠡᠰᠡᠭ ᠲᠤ ᠸᠠᠩ ᠤᠨ ᠬᠤᠷᠤᠭ᠎ᠠ ᠶᠢᠨ ᠲᠣᠳᠤᠭᠠᠳᠤ ᠶᠠᠪᠤᠳᠠᠯ ᠵᠢᠴᠢ   ᠲᠦᠷᠦᠯ ᠰᠠᠳᠤᠨ ᠤ ᠰᠠᠭᠤᠵᠤ   ᠠᠮᠠᠷᠠᠬᠤ ᠭᠠᠵᠠᠷ᠂ ᠨᠠᠢᠮᠠᠨ ᠬᠤᠰᠢᠭᠤᠨ ᠤ ᠡᠷᠳᠡᠨ ᠤ ᠭᠠᠵᠠᠷ ᠣᠷᠤᠨ ᠤ ᠲᠡᠥᠬᠡ ᠶᠢᠨ ᠦᠵᠡᠭᠦᠯᠦᠯᠭᠡ᠂ ᠴᠢᠩ ᠤᠨ ᠦᠶ᠎ᠡ ᠶᠢᠨ ᠨᠠᠢᠮᠠᠨ ᠬᠤᠰᠢᠭᠤᠨ ᠤ ᠲᠦᠪᠡᠳ ᠠᠴᠠ ᠤᠯᠠᠮᠵᠢᠯᠠᠵᠤ ᠢᠷᠡᠭᠰᠡᠨ ᠪᠤᠷᠬᠠᠨ ᠱᠠᠰᠢᠨ ᠤ ᠦᠵᠡᠭᠦᠯᠦᠯᠭᠡ᠂ ᠪᠣᠤ ᠱᠢ ᠵᠤ᠋ ᠨᠠᠰᠤᠳᠠᠨ ᠤ ᠤᠳᠬ᠎ᠠ ᠣᠷᠠᠯᠢᠭ ᠤᠨ ᠪᠦᠳᠦᠭᠡᠯ ᠤᠨ ᠦᠵᠡᠭᠦᠯᠦᠯᠭᠡ ᠵᠡᠷᠭᠡ ᠦᠵᠡᠭᠦᠯᠦᠯᠭᠡ ᠶᠢᠨ ᠣᠷᠤᠨ ᠪᠠ ᠮᠥᠽᠸᠢ  ᠶᠢᠨ ᠡᠷᠳᠡᠨ ᠤ ᠶᠣᠸᠠᠨ ᠣᠯᠤᠰ ᠤᠨ ᠠᠯᠳᠠᠨ ᠮᠠᠯᠠᠭᠠᠢ   ᠡᠳ᠋ᠯᠡᠯ᠂ ᠯᠢᠶᠣᠤ ᠤᠯᠤᠰ  ᠤᠨ ᠲᠣᠩᠭᠠᠮᠠᠯ ᠠᠯᠲᠠᠡ ᠵᠡᠰ ᠪᠠᠭ᠂ ᠶᠤᠸᠠᠨ ᠤᠯᠤᠰ ᠤᠨ ᠬᠤᠣᠰ ᠯᠣᠣ ᠶᠢᠨ ᠤᠭᠠᠯᠵᠠᠳᠤ ᠲᠣᠩᠭᠠᠮᠠᠯ ᠠᠯᠳᠠ ᠮᠦᠩᠭᠦᠡ ᠤ   ᠬᠦᠵᠦᠭᠦᠪᠴᠢ  ᠂ ᠴᠢᠩ ᠤᠨ ᠦᠶ᠎ᠡ ᠶᠢᠨ ᠲᠡᠭᠦᠵᠢᠯᠡᠭᠦᠷ ᠮᠠᠶ᠋ᠢᠭ ᠤᠨ ᠮᠦᠩᠭᠦᠡ ᠦᠨᠦᠷᠳᠦ ᠠᠷᠢᠭᠤᠳᠬᠠᠭᠤᠷ ᠵᠡᠷᠭᠡ ᠤᠯᠤᠰ ᠤᠨ ᠨᠢᠭᠡᠳᠦᠭᠡᠷ ᠲᠡᠰ ᠤᠨ ᠲᠡᠥᠬᠡ ᠶᠢᠨ ᠲᠤᠷᠠᠰᠬᠠᠯᠳᠤ ᠵᠦᠢᠯᠡᠰ ᠣᠳᠤ ᠦᠵᠡᠭᠴᠢᠳ ᠲᠠᠢ ᠤᠶᠢᠷᠠᠬᠠᠨ ᠠᠴᠠ   ᠵᠤᠯᠭᠠᠬᠤ ᠪᠠᠷ ᠪᠠᠶᠢᠨ᠎ᠠ᠃       ᠲᠡᠥᠬᠡ ᠶᠢ ᠬᠦᠨᠳᠦᠳᠭᠡᠵᠦ᠂ ᠦᠨᠡᠨ   ᠢ ᠪᠠᠷᠢᠮᠲᠠᠯᠠᠵᠣ ᠰᠢᠨ᠎ᠡ ᠶᠢ ᠡᠭᠦᠳᠬᠦ ᠤᠶᠢᠯᠠᠭᠠᠭᠳᠠᠭᠤᠨ ᠢᠶᠠᠷ ᠦᠵᠡᠭᠦᠯᠦᠯᠭᠡ ᠶᠢ ᠲᠦᠰᠦᠪᠯᠡᠬᠦ ᠦᠶ᠎ᠡ ᠳᠤ ᠤᠨᠴᠤᠭᠤᠶᠢᠯᠠᠨ ᠰᠤᠶᠤᠯ ᠤᠨ ᠤᠯᠠᠨ ᠶᠠᠩᠵᠤᠳᠤ ᠤᠨᠴᠠᠯᠢᠭ ᠤᠨ ᠠᠭᠤᠯᠤᠭᠳᠠᠬᠤᠨ ᠢ ᠴᠢᠬᠤᠯᠠᠴᠢᠯᠠᠵᠤ᠂ ᠦᠵᠡᠭᠦᠯᠦᠯᠭᠡ ᠶᠢ ᠭᠠᠳᠠᠭᠰᠢ ᠦᠷᠭᠡᠳᠬᠡᠵᠦ᠂ ᠦᠵᠡᠭᠦᠯᠦᠯᠭᠡ ᠶᠢ ᠪᠦᠬᠦᠶᠢᠯᠡ ᠴᠢᠩ ᠤᠯᠤᠰ ᠤᠨ ᠦᠶ᠎ᠡ ᠶᠢᠨ   ᠤᠮᠠᠷᠠᠳᠤ ᠣᠷᠤᠨ   ᠤ   ᠮᠤᠩᠭᠤᠯ ᠲᠠᠯ᠎ᠠ ᠨᠤᠳᠤᠭ ᠤᠨ ᠮᠤᠩᠭᠤᠯ ᠸᠠᠩ ᠤᠨ ᠬᠤᠷᠤᠭ᠎ᠠ ᠶᠢᠨ   ᠰᠤᠶᠤᠯ ᠵᠢᠴᠢ   ᠠᠶᠢᠮᠠᠭ ᠬᠤᠰᠢᠭᠤᠨ ᠤ ᠲᠡᠥᠬᠡ ᠪᠠ   ᠣᠨᠴᠤᠭᠤᠶᠢᠯᠠᠨ ᠴᠢᠩ ᠤᠨ ᠦᠶ᠎ᠡ ᠶᠢᠨ ᠨᠠᠢᠮᠠᠨ ᠬᠤᠰᠢᠭᠤᠨ ᠤ ᠮᠤᠩᠭᠤᠯ ᠦᠨᠳᠦᠰᠦᠳᠡᠨ   ᠤ ᠲᠡᠥᠬᠡ ᠰᠤᠶᠤᠯ ᠢ   ᠬᠦᠴᠦᠲᠠᠢ ᠲᠤᠰᠬᠠᠵᠠᠢ᠃ ᠲᠤᠰᠬᠠᠢ ᠰᠡᠳᠦᠪᠳᠦ ᠦᠵᠡᠭᠦᠯᠦᠯᠭᠡ ᠨᠢ ᠪᠦᠬᠦ ᠦᠪᠦᠷ ᠮᠤᠩᠭᠤᠯ ᠤᠨ ᠲᠠᠯ᠎ᠠ ᠨᠤᠳᠤᠭ ᠲᠤ ᠬᠠᠨᠳᠤᠭᠤᠯᠵᠤ᠂ ᠮᠤᠩᠭᠤᠯ ᠸᠠᠩ ᠤᠨ ᠬᠤᠷᠤᠭ᠎ᠠ ᠶᠢᠨ ᠴᠠᠭ ᠦᠶ᠎ᠡ ᠶᠢᠨ ᠲᠡᠥᠬᠡ ᠶᠢᠨ   ᠠᠬᠤᠭᠤᠯᠤᠭᠳᠠᠬᠤᠨ ᠢ ᠨᠢᠭᠳᠠᠷᠠᠭᠤᠯᠵᠤ᠂ ᠨᠠᠢᠮᠠᠨ ᠤ ᠸᠠᠩ ᠤᠨ ᠬᠤᠷᠤᠭ᠎ᠠ   ᠪᠠ ᠨᠠᠢᠮᠠᠨ ᠬᠤᠰᠢᠭᠤ ᠶᠢ ᠲᠡᠥᠬᠡ ᠶᠢᠨ ᠶᠡᠭᠡ ᠬᠤᠪᠢᠰᠤᠯᠳᠠ ᠲᠤᠮᠳᠠ   ᠲᠠᠯᠪᠢᠵᠤ᠂ ᠨᠠᠢᠮᠠᠨ ᠬᠤᠰᠢᠭᠤᠨ ᠤ ᠤᠯᠠᠨ ᠠᠴᠠ ᠣᠨᠴᠠ ᠪᠠᠶᠢᠬᠤ ᠣᠨᠴᠠᠯᠢᠭ ᠢ   ᠲᠤᠪᠤᠶᠢᠯᠭᠠᠵᠤ ᠂ ᠬᠦᠮᠦᠰ   ᠲᠤ ᠲᠡᠭᠦᠨ ᠤ ᠴᠢᠩ ᠤᠨ   ᠰᠡᠭᠦᠯᠴᠢ ᠶᠢᠨ ᠦᠶ᠎ᠡ ᠶᠢᠨ ᠤᠮᠠᠷᠠᠳᠤ ᠣᠷᠤᠨ ᠤ   ᠮᠤᠩᠭᠤᠯ ᠲᠠᠯ᠎ᠠ ᠨᠤᠳᠤᠭ ᠲᠤ   ᠦᠵᠡᠭᠦᠯᠦᠭᠰᠡᠨ ᠴᠢᠬᠤᠯᠠ ᠨᠥᠯᠦᠭᠡ ᠶᠢ ᠭᠦᠨᠵᠡᠬᠡᠢ ᠤᠶᠢᠯᠠᠭᠠᠭᠤᠯᠵᠤ᠂ ᠲᠡᠥᠬᠡᠨ   ᠲᠡᠭᠡᠷᠡᠬᠢ ᠲᠠᠯ᠎ᠠ ᠨᠤᠳᠤᠭ ᠤᠨ ᠠᠷᠠᠳ ᠲᠦᠮᠡᠨ ᠤ ᠡᠷᠡᠯᠬᠡᠭ ᠪᠠᠭᠠᠳᠤᠷᠯᠢᠭ   ᠵᠣᠷᠢᠭ ᠰᠠᠨᠠᠭ᠎ᠠ ᠶᠢᠨ ᠴᠠᠭ   ᠡᠷᠡᠨ ᠤ ᠣᠯᠠᠮᠵᠢᠯᠠᠯ ᠪᠣᠯᠵᠤ᠂ ᠡᠭᠦᠨ ᠠᠴᠠ ᠰᠤᠶᠤᠯ ᠤᠨ ᠦᠯᠡᠳᠡᠭᠳᠡᠯ ᠢ ᠬᠠᠳᠠᠭᠠᠯᠠᠵᠤ᠂ ᠰᠢᠯᠢᠳᠡᠭ ᠰᠠᠶᠢᠨ ᠤᠯᠠᠮᠵᠢᠯᠠᠯᠳᠤ ᠦᠨᠳᠦᠰᠦᠳᠡᠨ ᠤ   ᠦᠪ ᠰᠤᠶᠤᠯ ᠢᠶᠠᠨ   ᠤᠯᠠᠮᠵᠢᠯᠠᠬᠤ   ᠵᠣᠷᠢᠭ ᠰᠠᠨᠠᠭ᠎ᠠ ᠶᠢ ᠭᠦᠨᠵᠡᠬᠡᠢ   ᠪᠣᠯᠭᠠᠵᠠᠢ᠃       ᠲᠡᠥᠬᠡ ᠶᠢᠨ ᠲᠤᠷᠠᠰᠬᠠᠯᠳᠤ ᠵᠦᠢᠯᠡᠰ ᠪᠣᠯ ᠡᠪᠦᠭᠡ ᠲᠡᠭᠡᠳᠦᠰ ᠠᠴᠠ ᠬᠤᠶᠢᠴᠢ ᠦᠶ᠎ᠡ ᠳᠤ ᠪᠠᠨ ᠦᠯᠡᠳᠡᠭᠡᠵᠦ ᠦᠭᠭᠦᠭᠰᠡᠨ ᠪᠤᠮᠠᠨ ᠡᠷᠳᠡᠨᠢ᠂ ᠲᠡᠥᠬᠡ ᠶᠢᠨ   ᠴᠠᠷᠴᠠᠯᠳᠠ᠂ ᠪᠤᠯᠪᠠᠰᠤᠨ ᠤ ᠢᠯᠡᠷᠡᠯ ᠪᠤᠯᠤᠨ᠎ᠠ᠃ ᠨᠠᠢᠮᠠᠨ ᠤ ᠸᠠᠩ ᠤᠨ ᠬᠤᠷᠤᠭ᠋ ᠎ᠠ  ᠶᠢᠨ ᠮᠥᠽᠸᠢ ᠪᠣᠯ ᠭᠠᠭᠴᠠ ᠬᠤᠪᠤᠷ ᠨᠠᠨᠳᠢᠨ   ᠰᠤᠶᠤᠯ ᠤᠨ ᠦᠯᠡᠳᠡᠭᠳᠡᠯ ᠪᠢᠰᠢ᠂ ᠬᠠᠷᠢᠨ ᠲᠡᠥᠬᠡ ᠶᠢᠨ ᠲᠤᠷᠠᠰᠬᠠᠯᠳᠤ ᠵᠦᠢᠯᠡᠰ  ᠢ ᠬᠠᠶᠢᠷᠠᠯᠠᠨ ᠬᠠᠮᠠᠭᠠᠯᠠᠬᠤ᠂ ᠠᠰᠢᠭᠯᠠᠬᠤ᠂ ᠲᠡᠥᠬᠡ ᠰᠤᠶᠣᠯ ᠢᠶᠠᠨ ᠪᠠᠳᠠᠷᠠᠭᠤᠯᠤᠨ ᠲᠠᠭᠤᠷᠢᠰᠤᠭᠤᠯᠬᠤ᠂ ᠰᠤᠶᠤᠯ ᠤᠨ ᠪᠦᠳᠦᠭᠡᠨ   ᠪᠠᠶᠢᠭᠤᠯᠤᠯᠳᠠ ᠶᠢ ᠠᠬᠢᠭᠤᠯᠬᠤ ᠶᠢ ᠲᠦᠷᠭᠡᠳᠬᠡᠬᠦ ᠶᠢᠨ   ᠴᠢᠬᠤᠯᠠ ᠠᠴᠢᠶᠠᠯᠠᠪᠤᠷᠢ ᠪᠤᠯᠤᠨ᠎ᠠ᠃ ᠨᠠᠢᠮᠠᠨ ᠤ ᠸᠠᠩ ᠤᠨ ᠬᠤᠷᠤᠭ᠋ ᠎ᠠ  ᠶᠢᠨ ᠮᠥᠽᠸᠢ  ᠶᠢᠨ ᠲᠠᠬᠢᠨ ᠰᠢᠨ᠎ᠡ ᠪᠠᠷ ᠡᠭᠦᠳᠡ ᠪᠠᠨ   ᠨᠡᠬᠡᠭᠡᠬᠦ ᠪᠤᠯᠤᠭᠰᠠᠨ ᠨᠢ᠂ ᠨᠠᠢᠮᠠᠨ ᠢᠶᠠᠨ ᠬᠠᠮᠤᠭ ᠤᠨ ᠲᠠᠳᠠᠬᠤ ᠬᠦᠴᠦᠨ ᠲᠠᠢ ᠰᠢᠯᠢᠳᠡᠭ ᠵᠤᠭᠠᠴᠠᠯ ᠤᠨ ᠬᠤᠳᠠ ᠪᠤᠯᠭᠠᠨ ᠪᠦᠳᠦᠭᠡᠨ ᠪᠠᠶᠢᠭᠤᠯᠬᠤ ᠳᠤ ᠦᠩᠭᠡ ᠭᠢᠯᠪᠠᠭ᠎ᠠ ᠨᠡᠮᠡᠷᠢᠯᠡᠵᠡᠢ᠃ ᠨᠠᠢᠮᠠᠨ ᠬᠤᠰᠢᠭᠤᠨ ᠤ ᠰᠤᠶᠤᠯ ᠤᠨ ᠵᠤᠭᠠᠴᠠᠯ ᠤᠨ ᠦᠢᠯᠡᠰ ᠤᠨ ᠪᠠᠳᠠᠷᠠᠯ ᠬᠦᠭᠵᠢᠯ ᠪᠠ ᠦᠨᠳᠦᠰᠦᠳᠡᠨ ᠤ   ᠭᠠᠵᠠᠷ ᠣᠷᠤᠨ ᠤ ᠲᠡᠥᠬᠡ ᠰᠤᠶᠤᠯ ᠢᠶᠠᠨ ᠪᠠᠳᠠᠷᠠᠭᠤᠯᠬᠤ ᠳᠤ ᠢᠳᠡᠪᠬᠢᠲᠠᠢ   ᠠᠬᠢᠭᠤᠯᠬᠤ ᠦᠢᠯᠡᠳᠦᠯ ᠦᠵᠡᠭᠦᠯᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号