3 ᠰᠠᠷ᠎ᠠ ᠶᠢᠨ 3 ᠤ ᠡᠳᠤᠷ᠂ ᠳᠦᠩᠯᠢᠶᠤᠤ ᠬᠤᠳᠠ ᠶᠢᠨ ᠨᠠᠢᠮᠠᠨ ᠬᠤᠰᠢᠭᠤᠨ ᠤ ᠵᠠᠰᠠᠭ ᠤᠨ ᠤᠷᠳᠤᠨ ᠪᠠ | ᠦᠪᠤᠷ ᠮᠤᠩᠭᠤᠯ ᠤᠨ ᠤᠮᠠᠷᠠᠳᠤ ᠶᠢᠨ ᠰᠤᠶᠤᠯ ᠤᠨ ᠦᠪ ᠤᠨ ᠰᠤᠳᠤᠯᠭᠠᠨ ᠤ ᠨᠠᠶᠢᠭᠡᠮᠯᠢᠭ ᠠᠴᠠ ᠭᠤᠤᠯᠯᠠᠨ | ᠡᠷᠬᠢᠯᠡᠭᠰᠡᠨ ︽ᠨᠠᠢᠮᠠᠨ ᠬᠤᠰᠢᠭᠤᠨ ᠤ ᠡᠬᠦᠰᠤᠯ ᠭᠠᠷᠤᠯ ᠬᠢᠭᠡᠳ ᠰᠤᠶᠤᠯ ᠳᠡᠤᠭᠡ ᠶᠢᠨ ᠳᠤᠬᠠᠢ ᠰᠤᠳᠤᠯᠤᠨ | ᠶᠠᠷᠢᠯᠴᠠᠬᠤ ᠬᠤᠷᠠᠯ︾ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠡᠷᠳᠠᠮ ᠰᠢᠨᠵᠢᠯᠠᠭᠡᠨ ᠤ ᠳᠦᠪ ᠲᠤ | ᠶᠠᠪᠤᠭᠳᠠᠪᠠ᠃ ᠦᠪᠤᠷ ᠮᠤᠩᠭᠤᠯ ᠤᠨ ᠶᠡᠭᠡ ᠰᠤᠷᠭᠠᠭᠤᠯᠢ᠂ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ | ᠦᠪᠤᠷ ᠮᠤᠩᠭᠤᠯ ᠤᠨ ᠨᠠᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ᠂ ᠦᠪᠤᠷ ᠮᠤᠩᠭᠤᠯ ᠤᠨ | ᠦᠨᠳᠤᠰᠤᠳᠠᠨ ᠤ ᠶᠡᠭᠡ ᠰᠤᠷᠭᠠᠭᠤᠯᠢ ᠵᠡᠷᠭᠡ ᠳᠠᠭᠡᠳᠤ ᠰᠤᠷᠭᠠᠭᠤᠯᠢ ᠪᠠ ᠰᠢᠨᠵᠢᠯᠡᠬᠦ ᠤᠬᠠᠭᠠᠨ ᠤ ᠰᠤᠳᠤᠯᠤᠯ ᠤᠨ | ᠪᠠᠶᠢᠭᠤᠯᠤᠮᠵᠢ ᠶᠢᠨ ᠳᠤᠰᠬᠠᠢ ᠮᠠᠷᠭᠡᠵᠢᠯᠳᠠᠨ ᠢ ᠪᠠᠭᠳᠠᠭᠠᠭᠰᠠᠨ 50 ᠭᠠᠷᠤᠢ ᠬᠦᠮᠦᠨ ᠬᠤᠷᠠᠯ ᠳᠤ ᠤᠷᠤᠯᠴᠠᠵᠠᠢ᠃ | ᠳᠤᠰ ᠤᠳᠠᠭᠠᠨ ᠤ ᠬᠤᠷᠠᠯ ᠳᠤ᠂ ᠨᠠᠢᠮᠠᠨ ᠬᠤᠰᠢᠭᠤᠨ ᠤ ᠡᠬᠦᠰᠤᠯ ᠭᠠᠷᠤᠯ᠂ ᠨᠠᠢᠮᠠᠨ ᠬᠤᠰᠢᠭᠤ ᠪᠠ ᠨᠠᠢᠮᠠᠨ | ᠠᠶᠢᠮᠠᠭ ᠤᠨ ᠬᠠᠷᠢᠴᠠᠭ᠎ᠠ᠂ ᠨᠠᠢᠮᠠᠨ ᠠᠶᠢᠮᠠᠭ ᠤᠨ ᠮᠤᠩᠭᠤᠯ ᠦᠨᠳᠤᠰᠤᠳᠠᠨ ᠤ ᠳᠡᠤᠭᠡ ᠰᠤᠶᠤᠯ ᠳᠤ ᠦᠵᠡᠬᠦᠯᠦᠭᠰᠡᠨ | ᠭᠠᠪᠢᠶ᠎ᠠ ᠵᠢᠳᠬᠦᠯ ᠵᠡᠷᠭᠡ ᠰᠤᠳᠤᠯᠭᠠᠨ ᠤ ᠰᠡᠳᠤᠪ ᠤᠨ ᠳᠤᠭᠤᠷᠢᠨ ᠳᠤ ᠬᠦᠨᠵᠡᠭᠡᠢ ᠶᠠᠷᠢᠯᠴᠠᠪᠠ᠃ ᠰᠤᠳᠤᠯᠤᠨ | ᠶᠠᠷᠢᠯᠴᠠᠭᠰᠠᠨ ᠤ ᠳ᠋ᠦᠩ ᠳᠤ᠂ ᠬᠤᠷᠠᠯ ᠳᠤ ᠤᠷᠤᠯᠴᠠᠭᠰᠠᠨ ᠡᠷᠳᠡᠮᠳᠡᠳ ᠤᠨ ᠦᠵᠡᠬᠦ ᠪᠠᠷ᠄ ᠮᠤᠩᠭᠤᠯ | ᠦᠨᠳᠤᠰᠤᠳᠠᠨ ᠤ ᠳᠡᠭᠡᠳᠤᠰ᠂ ᠡᠷᠳᠡᠨ ᠤ ᠨᠠᠢᠮᠠᠨ ᠠᠶᠢᠮᠠᠭ ᠤᠨ ᠳᠡᠳᠡᠳᠤᠩᠭᠠ ᠪᠤᠯ ᠤᠳᠤᠬᠠᠨ ᠤ ᠭᠡᠷᠡᠭᠯᠡᠵᠦ ᠪᠠᠶᠢᠭ᠎ᠠ | ᠤᠶᠢᠭᠤᠷᠵᠢᠨ ᠮᠤᠩᠭᠤᠯ ᠦᠰᠦᠭ ᠤᠨ ᠡᠬᠦᠳᠦᠭᠴᠢ ᠮᠦᠷᠳᠡᠭᠡᠨ ᠭᠤᠤᠯ ᠤᠯᠠᠮᠵᠢᠯᠠᠭᠴᠢ ᠮᠦᠨ᠃ ᠤᠳᠤ ᠶᠢᠨ ᠨᠠᠢᠮᠠᠨ | ᠬᠤᠰᠢᠭᠤᠨ ᠤ ᠮᠤᠩᠭᠤᠯ ᠦᠨᠳᠤᠰᠤᠳᠠᠨ ᠪᠤᠯ 13 ᠳ᠋ᠤᠭᠠᠷ ᠵᠠᠭᠤᠨ ᠳᠤ ᠴᠢᠩᠬᠢᠰ ᠬᠠᠭᠠᠨ ᠤ ᠡᠷᠬᠡᠰᠢᠶᠠᠯ ᠳᠤ ᠪᠠᠨ | ᠤᠷᠤᠭᠤᠯᠤᠭᠰᠠᠨ ᠨᠠᠢᠮᠠᠨ ᠠᠶᠢᠮᠠᠭ ᠤᠨ ᠨᠢᠭᠡᠨ ᠰᠠᠯᠠᠭ᠎ᠠ᠂ ᠡᠨᠡ ᠪᠦᠯᠦᠭ ᠨᠠᠢᠮᠠᠨ ᠠᠶᠢᠮᠠᠭ ᠨᠢ ᠴᠢᠩᠭᠢᠰ ᠬᠠᠭᠠᠨ | ᠵᠢᠴᠢ ᠳᠡᠬᠦᠨ ᠠᠴᠠ ᠳᠠᠷᠠᠭᠠᠴᠢ ᠶᠢᠨ ᠬᠠᠭᠠᠳ ᠤᠨ ᠳᠦᠪ ᠴᠡᠷᠢᠭ ᠠᠩᠬᠢ ᠶᠢ ᠳᠠᠭᠠᠵᠦ᠂ ᠤᠨ ᠳᠤᠭᠠᠯᠠᠯ ᠤᠨ | 1550 ᠤᠨ ᠤ ᠦᠶ᠎ᠠ ᠪᠠᠷ ᠤᠮᠠᠷᠠᠳᠤ ᠶᠤᠸᠠᠨ ᠤ ᠳᠠᠷᠡᠶᠢᠰᠤᠨ ᠬᠦᠳᠡᠩ ᠬᠠᠭᠠᠨ ᠤ ᠴᠠᠬᠠᠷ ᠠᠶᠢᠮᠠᠭ ᠢ ᠳᠠᠭᠠᠵᠦ | ᠤᠳᠤᠬᠠᠨ ᠤ ᠨᠠᠢᠮᠠᠨ ᠬᠤᠰᠢᠭᠤᠨ ᠳᠤ ᠨᠠᠬᠦᠨ ᠢᠷᠡᠵᠦ᠂ ᠤᠨ ᠳᠤᠭᠠᠯᠠᠯ ᠤᠨ 1636 ᠤᠨ ᠳᠤ ᠵᠢᠩᠬᠢᠨᠢ ᠪᠠᠷ | ᠨᠠᠢᠮᠠᠨ ᠬᠤᠰᠢᠭᠤ ᠶᠢ ᠪᠠᠶᠢᠭᠤᠯᠪᠠ᠃ ᠳᠤᠰ 1000 ᠭᠠᠷᠤᠢ ᠵᠢᠯ ᠤᠨ ᠳᠡᠤᠭᠡ ᠶᠢᠨ ᠬᠦᠭᠵᠢᠯᠳᠡ ᠳᠤᠮᠳᠠ᠂ ᠨᠠᠢᠮᠠᠨ | ᠬᠤᠰᠢᠭᠤᠨ ᠠᠴᠠ ᠮᠤᠩᠭᠤᠯ ᠡᠮ ᠡᠮᠨᠡᠯᠭᠡ ᠶᠢᠨ ᠨᠠᠷᠡᠳᠤ ᠡᠷᠳᠡᠮᠳᠠᠨ᠂ ᠮᠤᠩᠭᠤᠯ ᠦᠨᠳᠤᠰᠤᠳᠠᠨ ᠤ ᠠᠷᠪᠠᠨ | ᠰᠢᠨᠵᠢᠯᠡᠬᠦ ᠤᠬᠠᠭᠠᠨᠳᠠᠨ ᠤ ᠨᠢᠭᠡ ᠪᠤᠯᠬᠤ ᠵᠠᠮᠪᠠᠯᠳᠤᠷᠵᠢ᠂ ᠨᠠᠷᠡᠳᠤ ᠰᠤᠷᠭᠠᠨ ᠬᠦᠮᠦᠵᠢᠯᠳᠠᠨ ᠪᠦᠬᠡᠬᠡᠰᠢᠭ ︵ᠯᠢᠶᠠᠩ | ᠢᠤᠢ ᠯᠠᠨ︶᠂ ᠨᠠᠷᠡᠳᠤ ᠮᠤᠩᠭᠤᠯ ᠤᠳᠬ᠎ᠠ ᠵᠤᠬᠢᠶᠠᠯᠴᠢ ᠤᠷᠴᠢᠭᠤᠯᠤᠭᠴᠢ ᠭᠠᠸᠠ ︵ᠳᠤᠷᠤᠨᠠᠳᠢᠪ︶ ᠵᠡᠷᠭᠡ ᠠᠯᠢ | ᠤᠯᠠᠨ ᠡᠷᠳᠡᠮᠳᠠᠨ ᠴᠤᠯᠭᠤᠷᠠᠨ ᠭᠠᠷᠴᠤ᠂ ᠮᠤᠩᠭᠤᠯ ᠦᠨᠳᠤᠰᠤᠳᠠᠨ ᠤ ᠰᠤᠶᠤᠯ᠂ ᠰᠤᠷᠭᠠᠨ ᠬᠦᠮᠦᠵᠢᠯ᠂ ᠰᠢᠨᠵᠢᠯᠡᠬᠦ | ᠤᠬᠠᠭᠠᠨ ᠤ ᠬᠦᠭᠵᠢᠯᠳᠡ ᠳᠤ ᠰᠢᠪᠳᠤᠯᠤᠯᠳᠠ ᠶᠢᠨ ᠴᠢᠨᠠᠷᠳᠠᠢ ᠬᠤᠪᠢ ᠨᠠᠮᠠᠷᠢ ᠦᠵᠡᠬᠦᠯᠦᠭᠰᠡᠨ ᠪᠠᠶᠢᠨ᠎ᠠ ᠬᠡᠬᠦ | ᠬᠠᠮᠳᠤ ᠶᠢᠨ ᠳᠠᠨᠢᠯᠳᠠ ᠲᠠᠢ ᠪᠤᠯᠤᠭᠰᠠᠨ ᠪᠠᠶᠢᠨ᠎ᠠ᠃ ᠬᠤᠷᠠᠯ ᠳᠠᠭᠡᠷ᠎ᠡ ᠪᠠᠰᠠ ᠨᠠᠢᠮᠠᠨ ᠬᠤᠰᠢᠭᠤᠨ ᠳᠤ ᠳᠠᠳᠠᠳᠤᠩᠭ᠎ᠠ | ᠮᠤᠩᠭᠤᠯ ᠦᠰᠦᠭ ᠤᠨ ᠮᠦᠽᠧᠢ ᠬᠢᠭᠡᠳ ᠵᠠᠮᠪᠠᠯᠳᠤᠷᠵᠢ ᠮᠤᠩᠭᠤᠯ ᠡᠮ ᠡᠮᠨᠡᠯᠭᠡ ᠶᠢᠨ ᠮᠦᠽᠧᠢ ᠪᠠᠶᠢᠭᠤᠯᠬᠤ ᠪᠠᠷ | ᠳᠤᠭᠳᠠᠵᠤ᠂ ᠳᠤᠰ ᠬᠤᠶᠠᠷ ᠪᠦᠳᠦᠭᠡᠨ ᠪᠠᠶᠢᠭᠤᠯᠤᠯᠳᠠ ᠨᠢ ᠭᠡᠷᠡᠭᠵᠢᠬᠦᠯᠦᠭᠳᠡᠭᠰᠡᠨ ᠤ ᠰᠡᠬᠦᠯᠡᠷ᠂ ᠪᠦᠷ ᠤᠯᠤᠰ ᠤᠨ | ᠳᠡᠷᠢᠬᠦᠨ ᠡᠬᠦᠳᠤᠯᠳᠠ ᠪᠤᠯᠬᠤ ᠮᠦᠷᠳᠡᠭᠡᠨ ᠡᠷᠳᠠᠮ ᠰᠢᠨᠵᠢᠯᠠᠭᠡᠨ ᠤ ᠳᠠᠯ᠎ᠠ ᠳᠤ ᠰᠢᠨ᠎ᠠ ᠬᠠᠭᠤᠳᠠᠰᠤ ᠶᠢ ᠳᠡᠮᠳᠠᠭᠯᠡᠵᠦ᠂ | ᠦᠨᠳᠤᠰᠤᠳᠠᠨ ᠤ ᠰᠤᠶᠤᠯ ᠢ ᠤᠯᠠᠮᠵᠢᠯᠠᠨ ᠪᠠᠳᠠᠷᠠᠭᠤᠯᠵᠤ᠂ ᠰᠤᠶᠤᠯ ᠤᠨ ᠠᠵᠤ ᠤᠵᠵᠯᠠᠰ ᠤᠨ ᠬᠦᠭᠵᠢᠭᠦᠯᠦᠯᠲᠠ ᠶᠢ | ᠬᠦᠴᠦᠳᠠᠢ ᠳᠦᠯᠬᠢᠨ ᠠᠬᠢᠭᠤᠯᠬᠤ ᠪᠤᠯᠤᠨ᠎ᠠ᠃ | | | | | |