ᠤᠷᠢᠬᠠᠨ ᠬᠠᠪᠤᠷ ᠤᠨ ᠴᠠᠭ ᠲᠤ᠂ ᠤᠰᠤᠨ ᠤ ᠦᠩᠭᠡ ᠬᠦᠭᠡᠷᠡᠨ᠂ ᠤᠭᠤᠷᠠᠭ ᠰᠦ ᠶᠢᠨ ᠠᠩᠬᠢᠯᠤᠭᠠᠨ ᠳᠤ᠂ | ᠤᠨᠠᠭ᠎ᠠ ᠲᠤᠭᠤᠯ ᠢᠨᠴᠠᠭᠠᠨ ᠮᠦᠭᠡᠷᠡᠯᠳᠤᠨᠠ᠃ ᠠᠶᠢᠯ ᠳᠤᠰᠬᠳ ᠤ ᠰᠤᠶᠤᠯ ᠤᠨ ᠳᠠᠯᠠᠪᠠᠢ ᠪᠤᠯᠭᠠᠨ ᠢᠶᠠᠷ | ᠤᠯᠠᠭᠠᠨᠮᠦ᠋ᠴᠢᠷ ᠤᠨ ᠳᠤᠭᠯᠠᠭᠴᠢᠳ ᠤᠨ ᠤᠶᠠᠬᠠᠨ ᠭᠤᠶᠤᠬᠠᠨ ᠪᠦᠵᠢᠭᠯᠡᠯᠳᠡ᠂ ᠬᠠᠩᠬᠢᠨᠠᠮ᠎ᠠ ᠬᠦᠩᠬᠢᠨᠠᠮᠠ | ᠳᠠᠭᠤᠯᠠᠯᠳᠠ᠂ ᠡᠯᠢᠭᠡ ᠬᠦᠰᠢᠶᠡᠯᠭᠡᠮᠠ ᠵᠦᠴᠦᠭᠡ᠂ ᠠᠴᠢᠳᠤ ᠨᠠᠮ ᠢᠶᠠᠨ ᠳᠠᠭᠤᠯᠠᠭᠰᠠᠨ ᠬᠤᠯᠪᠤᠭ᠎ᠠ ᠁ ᠁ | ᠬᠠᠷᠠᠭ᠎ᠠ ᠳᠦᠬᠦᠷᠡᠩ ᠰᠡᠳᠬᠢᠯ ᠪᠠᠶᠠᠰᠬᠠᠮ᠎ᠠ᠃ | ᠦᠨᠦᠳᠤᠷ ᠨᠠᠢᠮᠠᠨ ᠬᠤᠰᠢᠭᠤᠨ ᠤ ᠪᠠᠶᠢᠰᠢᠩᠳᠤ ᠪᠠᠯᠭᠠᠰᠤᠨ ᠤ ᠬᠤᠶᠢᠳᠤ ᠳᠦᠯᠡᠭᠡᠨᠳᠠᠯᠠ ᠭᠠᠴᠠᠭᠠᠨ ᠤ | ᠰᠤᠶᠤᠯ ᠤᠨ ᠳᠠᠯᠠᠪᠠᠢ ᠳᠤ ᠤᠯᠠᠭᠠᠨᠮᠦ᠋ᠴᠢᠷ ᠤᠨ ᠳᠤᠭᠯᠠᠯᠳᠠ ᠪᠤᠯᠤᠯ᠎ᠠ᠃ ᠳᠤᠭᠯᠠᠯᠳᠠ ᠭᠠᠷᠬᠤ ᠴᠢᠮᠡᠭᠡ | ᠳᠤᠭᠤᠯᠤᠮᠠᠭᠴᠠ᠂ ᠠᠶᠢᠯ ᠤᠨ ᠤᠯᠠᠨ ᠰᠤᠶᠤᠯ ᠤᠨ ᠳᠠᠯᠠᠪᠠᠢ ᠵᠦᠭ ᠮᠤᠲ᠋ᠤᠷ ᠨᠢᠰᠬᠡᠬᠦ ᠨᠢ ᠨᠢᠰᠬᠡᠵᠦ᠂ ᠲᠷᠠᠺᠲ᠋ᠣᠷ | ᠵᠢᠯᠤᠭᠤᠳᠬᠤ ᠨᠢ ᠵᠢᠯᠤᠭᠤᠳᠴᠤ᠂ ᠮᠠᠰᠢᠨ ᠳᠡᠷᠭᠡ ᠪᠠᠷᠢᠬᠤ ᠨᠢ ᠪᠠᠷᠢᠵᠦ᠂ ᠤᠪᠤᠨ ᠴᠤᠪᠤᠨ ᠬᠦᠷᠤᠯᠴᠠᠨ ᠢᠷᠡᠵᠡᠭᠡᠨᠠ | ᠃ ᠤᠶᠢᠷ᠎ᠠ ᠤᠷᠴᠢᠨ ᠤ ᠬᠢᠨᠢ ᠠᠷᠤᠭ ᠰᠠᠭᠰᠤ ᠪᠠᠨ ᠠᠪᠠᠴᠢᠵᠦ ᠬᠤᠷᠢᠶᠠᠯ ᠦᠭᠡᠢ ᠠᠶᠠᠳᠠᠭᠤᠬᠠᠨ ᠳᠣᠬᠤᠶᠢᠯᠠᠭᠠᠳ | ᠴᠤ ᠦᠵᠡᠵᠦ ᠪᠠᠶᠢᠭ᠎ᠠ ᠪᠤᠢ᠂ ᠠᠩᠭ᠎ᠠ ᠬᠡᠤᠭᠡᠳ ᠢᠶᠠᠨ ᠡᠬᠦᠷᠴᠤ ᠳᠡᠬᠦᠷᠤᠭᠡᠳ ᠠᠩᠬᠠᠷᠴᠦ ᠰᠤᠨᠢᠷᠬᠠᠵᠦ ᠪᠠᠶᠢᠭ᠎ᠠ ᠴᠤ | ᠪᠤᠢ᠃ ᠠᠬᠠᠮᠠᠳ ᠳᠤᠮᠤᠭᠠᠳᠠᠳ ᠠᠷᠠᠳ ᠤᠨ ᠤᠯᠠᠭᠠᠨᠮᠦ᠋ᠴᠢᠷ ᠢᠶᠠᠨ ᠦᠵᠡᠭᠡ ᠦᠬᠡᠢ ᠬᠠᠨᠢ ᠦᠭᠡᠢ ᠤᠳᠠᠵᠦ ᠪᠠᠶᠢᠨ᠎ᠠ | ᠬᠡᠳ ᠡᠷᠡᠭᠡᠢ ᠬᠤᠷᠤᠭᠤ ᠪᠠᠨ ᠭᠠᠷᠭᠠᠯᠴᠠᠨ ᠪᠠᠶᠢᠨ ᠪᠠᠶᠢᠨ ᠱᠠᠭᠰᠢᠯᠴᠠᠵᠤ᠂ ᠪᠠᠶᠢᠨ ᠭᠡᠬᠢᠨ ᠠᠶ᠎ᠠ ᠶᠢ ᠨᠢ ᠳᠠᠭᠠᠭᠤᠯᠤᠨ | ᠬᠡᠩᠰᠢᠵᠦ ᠭᠠᠷᠤᠨ᠎ᠠ᠃ | ︽ᠡᠮᠤᠨ᠎ᠠ ᠬᠤᠶᠠᠷ ᠵᠢᠯ᠂ ᠠᠶᠢᠯ ᠳᠤᠰᠬᠤᠨ ᠳᠤ ᠰᠢᠨ᠎ᠠ ᠵᠠᠰᠠᠮᠠᠯ ᠵᠠᠮ ᠨᠠᠪᠳᠠᠷᠠᠨ᠂ ᠠᠭᠤᠳᠠᠮ ᠰᠠᠷᠠᠭᠤᠯ | ᠰᠤᠶᠤᠯ ᠤᠨ ᠳᠠᠯᠠᠪᠠᠢ ᠪᠠᠶᠢᠭᠤᠯᠤᠭᠳᠠᠭᠠᠳ᠂ ᠬᠤᠯᠠ ᠬᠤᠯᠠ ᠰᠠᠭᠤᠯᠴᠠᠵᠦ ᠪᠠᠶᠢᠭ᠎ᠠ ᠴᠤ ᠬᠤᠶᠢᠨ᠎ᠠ ᠡᠮᠤᠨ᠎ᠠ | ᠬᠦᠷᠤᠯᠴᠡᠨ ᠢᠷᠡᠵᠦ ᠳᠠᠯᠠᠪᠠᠢ ᠶᠢᠨ ᠪᠦᠵᠢᠭ᠂ ᠮᠤᠩᠭᠤᠯ ᠪᠦᠵᠢᠭ᠂ ᠤᠳᠤ ᠦᠶ᠎ᠡ ᠶᠢᠨ ᠪᠦᠵᠢᠭ ᠪᠦᠵᠢᠭᠯᠡᠳᠡᠭ | ᠵᠠᠯᠠᠭᠤᠴᠤᠳ ᠢᠶᠠᠨ ᠬᠠᠷᠠᠭᠠᠳ ᠪᠠᠶᠠᠰᠤᠯᠴᠠᠳᠠᠭ ᠴᠤ ᠰᠡᠳᠬᠢᠯ ᠳᠤ ᠵᠢᠭᠠᠬᠠᠨ ᠶᠡᠭᠤ ᠨᠢᠭᠡ ᠳᠤᠳᠠᠬᠤ ᠰᠢᠭ᠋ | ᠪᠤᠳᠤᠭᠳᠠᠭᠠᠳ ᠪᠠᠶᠢᠭᠰᠠᠨ᠃ ᠬᠤᠰᠢᠭᠤᠨ ᠤ ᠤᠯᠠᠭᠠᠨᠮᠦ᠋ᠴᠢᠷ ᠤᠨ ᠬᠢᠨ ᠬᠦᠷᠴᠤ ᠢᠷᠡᠭᠡᠳ ᠳᠤᠭᠯᠠᠯᠳᠠ ᠭᠠᠷᠭᠠᠭᠠᠳ | ᠡᠨᠡᠬᠦ ᠰᠡᠳᠬᠢᠯ ᠢ ᠮᠢᠨᠢ ᠬᠠᠩᠭᠠᠯ᠎ᠠ᠃ ᠤᠴᠢᠷ ᠨᠢ ᠪᠢ ᠵᠠᠯᠠᠭᠤ ᠳᠤ ᠪᠠᠨ ᠤᠯᠠᠭᠠᠨᠮᠦ᠋ᠴᠢᠷ ᠲᠤ ᠰᠤᠩᠭᠤᠭᠳᠠᠭᠰᠠᠨ | ᠬᠦᠮᠦᠨ᠂ ᠬᠡᠬᠦ ᠳᠤ ᠬᠡᠷ ᠤᠨ ᠨᠦᠬᠦᠴᠡᠯ ᠠᠴᠠ ᠪᠤᠯᠵᠦ ᠳᠡᠨᠳᠠ ᠠᠵᠢᠯᠯᠠᠵᠦ ᠳᠡᠶᠢᠯᠤᠭᠰᠡᠨ ᠦᠭᠡᠢ︾ ᠬᠡᠵᠦ ᠳᠠᠯ᠎ᠠ | ᠨᠠᠰᠤ ᠶᠢ ᠬᠦᠬᠡᠬᠡᠵᠦ ᠶᠠᠪᠤᠭ᠎ᠠ ᠨᠢᠮᠠᠨᠢᠩᠪᠤ ᠭᠤᠸᠠᠢ ᠰᠡᠳᠬᠢᠯ ᠳᠤᠭᠳᠤᠯᠤᠩᠭᠤᠢ ᠬᠤᠭᠤᠯᠠᠢ ᠡᠷᠢᠶᠠᠨᠳᠤᠨ ᠶᠠᠷᠢᠨ᠎ᠠ᠃ | ︽ᠠᠷᠪᠠᠭᠠᠳ ᠵᠢᠯ ᠤᠨ ᠡᠮᠤᠨ᠎ᠠ᠂ ᠮᠠᠨ ᠤ ᠠᠶᠢᠯ ᠳᠤ ᠴᠡᠬᠢᠯᠭᠠᠨ ᠴᠤ ᠨᠠᠪᠳᠠᠷᠡᠭᠡ ᠦᠭᠡᠢ ᠪᠠᠶᠢᠭᠰᠠᠨ᠂ ᠤᠳᠤ | ᠵᠢᠭᠠᠬᠠᠨ ᠴᠢᠯᠤᠭᠡ ᠪᠠᠶᠢᠪᠠᠯ ᠲᠤᠯᠸᠢᠰ ᠢᠶᠠᠨ ᠨᠡᠭᠡᠭᠡᠮᠡᠭᠴᠡ ᠲᠦᠷᠦ ᠶᠢᠨ ᠶᠠᠪᠤᠳᠠᠯ᠂ ᠤᠷᠤᠨ ᠤ ᠪᠠᠶᠢᠳᠠᠯ ᠢᠶᠠᠨ ᠴᠠᠭ | ᠳᠤᠬᠠᠢ ᠳᠤ ᠨᠢ ᠤᠶᠢᠯᠠᠭᠠᠴᠢᠬᠠᠨᠠ᠃ ᠨᠢᠳᠤᠨᠤᠨ ᠰᠢ ᠶᠢᠨ ᠫᠢᠩ ᠶᠠᠷᠤᠩᠬᠡᠢ ᠱᠦᠵᠢ ᠶᠢᠨ ᠨᠢᠭᠡᠨ ᠬᠤᠪᠢ ᠵᠡᠬᠢᠳᠠᠯ | ᠮᠠᠨ ᠤ ᠠᠳᠠ ᠬᠤᠭᠤᠯᠠ ᠪᠤᠯᠭᠠᠨ ᠤ ᠵᠤᠭᠤᠭ ᠪᠤᠯᠵᠦ᠂ ᠬᠤᠰᠢᠭᠤᠨ ᠤ ᠤᠯᠠᠭᠠᠨᠮᠦ᠋ᠴᠢᠷ ᠴᠤ ᠢᠳᠠ ᠠᠪᠤᠨ ᠠᠶᠢᠯ | ᠪᠤᠯᠭᠠᠨ ᠢᠶᠠᠷ ᠠᠷᠠᠳ ᠤᠯᠠᠨ ᠳᠤ ᠪᠠᠨ ᠳᠤᠭᠯᠠᠯᠳᠠ ᠪᠠᠨ ᠡᠷᠬᠦᠵᠦ ᠶᠠᠪᠤᠭ᠎ᠠ᠃ ᠦᠨᠤᠳᠤᠷ ᠮᠠᠨ ᠤ ᠠᠶᠢᠯ ᠳᠤ | ᠳᠤᠭᠯᠠᠵᠤ ᠦᠨᠠᠭᠡᠷ ᠨᠢᠭᠡᠨ ᠴᠠᠭ ᠤᠨ ︿ᠤᠳᠬ᠎ᠠ ᠤᠷᠠᠯᠢᠭ ᠤᠨ ᠠᠮᠳᠠᠳᠤ ᠬᠤᠭᠤᠯᠠ﹀ ᠪᠤᠯᠤᠯ᠎ᠠ︾ ᠭᠡᠵᠦ ᠤᠳᠠᠭᠠᠨ | ᠵᠢᠯ ᠤᠨ ᠨᠠᠮ ᠤᠨ ᠬᠡᠰᠢᠬᠦᠨ ᠶᠠᠪᠤᠭ᠎ᠠ ᠨᠠᠶᠠ ᠭᠠᠷᠤᠭᠰᠠᠨ ᠰᠦᠭᠡᠵᠢ ᠭᠤᠸᠠᠢ ᠠᠮᠳᠠᠷᠬᠠᠨ ᠶᠠᠷᠢᠨ᠎ᠠ᠃ | ᠨᠠᠢᠮᠠᠨ ᠬᠤᠰᠢᠭᠤᠨ ᠤ ᠤᠯᠠᠭᠠᠨᠮᠦ᠋ᠴᠢᠷ ᠤᠨ ᠬᠢᠨ ᠤ ᠵᠣᠬᠢᠶᠠᠠ ᠪᠦᠳᠦᠭᠡᠭᠰᠡᠨ ︽ᠰᠠᠬᠢᠨ ᠪᠠᠷᠠᠯᠠᠵᠦ ᠬᠠᠷᠢᠯᠴᠠᠨ | ᠬᠠᠪᠰᠤᠷᠤᠯᠴᠠᠬᠤ︾ ᠪᠦᠵᠢᠭ᠂ ︽ᠤᠭ ᠰᠠᠨᠠᠭ᠎ᠠ ᠪᠠᠨ ᠮᠠᠷᠳᠠᠯ ᠦᠭᠡᠢ᠂ ᠨᠠᠮ ᠢᠶᠠᠨ ᠡᠬᠦᠷᠢᠳᠠ ᠳᠠᠭᠠᠨᠨᠠ︾ ᠬᠡᠬᠦ | ᠴᠠᠷᠭᠢᠯ ᠬᠤᠯᠪᠣᠭ᠎ᠠ᠂ ︽ᠨᠠᠢᠮᠠᠨ ᠤ ᠨᠠᠶᠢᠷ ᠤᠨ ᠳᠠᠭᠤᠤ︾ ︽ᠨᠠᠢᠮᠠᠨ ᠤ ᠳᠠᠯ᠎ᠠ ᠨᠤᠳᠤᠭ︾ ᠵᠡᠷᠭᠡ ᠳᠠᠭᠤᠤ᠂ ︽ᠪᠠᠢ | ᠬᠡᠤ ᠭᠡ ᠭᠡ︾ ᠭᠡᠬᠦ ᠮᠤᠩᠭᠤᠯ ᠵᠦᠴᠦᠭᠡ᠂ ︽ ᠪᠠᠷ ᠵᠢᠷᠤᠭ ᠤᠨ ᠵᠠᠬᠦᠳᠤ︾ ᠬᠡᠬᠦ ᠡᠮᠡᠭᠳᠡᠢ ᠶᠢᠨ ᠬᠠᠮᠳᠤ ᠶᠢᠨ | ᠪᠦᠵᠢᠭ ᠵᠡᠷᠭᠡ ᠤᠯᠠᠨ ᠤᠯᠠᠨ ᠳᠤᠭᠯᠠᠯᠳᠠ ᠨᠢ ᠪᠦᠬᠦ ᠬᠤᠰᠢᠭᠤᠨ ᠤ ᠠᠷᠠᠳ ᠤᠯᠠᠨ ᠤ ᠰᠡᠳᠬᠢᠯ ᠳᠤ ᠨᠠᠮ ᠤᠨ | ᠳᠠᠭᠤᠨ ᠪᠠ ᠠᠷᠠᠳ ᠲᠤ ᠠᠰᠢᠭ ᠬᠦᠷᠭᠡᠬᠦ ᠲᠦᠷᠦ ᠶᠢᠨ ᠪᠤᠳᠤᠯᠭ᠎ᠠ ᠶᠢ ᠳᠠᠮᠵᠢᠭᠤᠯᠤᠨ ᠠᠷᠠᠳ ᠤᠨ ᠰᠡᠳᠬᠢᠯ ᠳᠤ | ᠬᠠᠳᠠᠩᠰᠢᠭᠤᠯᠵᠤ᠂ ᠦᠨᠳᠤᠰᠤᠳᠠᠨ ᠤ ᠤᠯᠠᠮᠵᠢᠯᠠᠯᠳᠤ ᠤᠭᠢ ᠰᠤᠳᠤᠨ ᠪᠦᠳᠦᠬᠡᠯ ᠢᠶᠠᠷ ᠢᠶᠠᠨ ᠤᠯᠠᠨ ᠤ ᠪᠠᠨ | ᠪᠠᠭ᠋ᠠᠳᠤᠯ ᠬᠦᠷᠢᠶᠠᠯᠠᠯ ᠢ ᠤᠯᠵᠦ ᠪᠤᠢ᠃ | ᠵᠢᠯ ᠤᠨ ᠡᠬᠢᠨ ᠠᠴᠠ ᠤᠳᠤ ᠪᠤᠯᠳᠠᠯ᠎ᠠ᠂ ᠨᠠᠢᠮᠠᠨ ᠬᠤᠰᠢᠭᠤᠨ ᠤ ᠤᠯᠠᠭᠠᠨᠮᠦ᠋ᠴᠢᠷ ᠦᠨᠳᠤᠰᠤᠨ ᠱᠠᠳᠤᠨ ᠳᠤ | ᠬᠦᠨᠵᠡᠭᠡᠶᠢᠷᠠᠨ᠂ ᠨᠠᠶᠢᠳᠠ 60 ᠭᠠᠷᠤᠢ ᠠᠶᠢᠯ ᠳᠤᠰᠬᠤᠨ ᠳᠤ ᠬᠦᠷᠴᠦ ᠳᠤᠭᠯᠠᠯᠳᠠ ᠭᠠᠷᠭᠠᠵᠦ᠂ ᠳᠤᠭᠯᠠᠯᠳᠠ ᠶᠢ | ᠬᠦᠯᠢᠶᠠᠨ ᠦᠵᠡᠭᠰᠡᠳ ᠤᠨ ᠳᠤᠭ᠎ᠠ 3 ᠳᠦᠮᠠ ᠢᠯᠡᠬᠦᠦ ᠳᠤ ᠬᠦᠷᠴᠠᠢ᠃ ᠠᠮᠢᠳᠤᠷᠠᠯ ᠤᠨ ᠦᠩᠬᠡᠰᠢᠭ | ᠬᠦᠷᠤᠰᠤᠨ ᠳᠤ ᠬᠦᠨ ᠦᠨᠳᠤᠰᠤ ᠬᠠᠳᠬᠤᠨ᠂ ᠠᠷᠠᠳ ᠳᠦᠮᠡᠨ ᠳᠤ ᠦᠢᠯᠡᠴᠢᠯᠡᠵᠦ᠂ ᠦᠨᠢ ᠡᠬᠦᠷᠢᠳᠠ ᠳᠠᠯ᠎ᠠ | ᠨᠤᠳᠤᠭ ᠤᠨ ︽ᠬᠤᠪᠢᠰᠬᠠᠯᠳᠤ ᠤᠳᠬ᠎ᠠ ᠤᠷᠠᠯᠢᠭ ᠤᠨ ᠬᠦᠩᠭᠡᠨ ᠮᠤᠷᠢᠳᠤ ᠴᠡᠷᠢᠭ︾ ᠪᠤᠯᠵᠦ ᠶᠠᠪᠤᠭ᠎ᠠ | ᠤᠯᠠᠭᠠᠨᠮᠦ᠋ᠴᠢᠷ ᠤᠨ ᠳᠤᠭᠯᠠᠯᠳᠠ ᠨᠢ ᠬᠦᠳᠡᠭᠡ ᠳᠤᠰᠬᠤᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠵᠤ᠂ | ᠦᠷᠭᠡᠨ ᠤᠯᠠᠨ ᠳᠦᠮᠡᠨ ᠤ ᠡᠳᠤᠷ ᠠᠴᠠ ᠢᠷᠡᠬᠦᠶ᠎ᠠ ᠱᠠᠭᠠᠷᠳᠠᠵᠦ ᠪᠠᠶᠢᠭ᠎ᠠ ᠤᠶᠤᠨ ᠤᠬᠠᠭᠠᠨ ᠰᠤᠶᠤᠯ ᠤᠨ | ᠭᠡᠷᠡᠭᠴᠡᠭᠡ ᠶᠢ ᠬᠠᠩᠭᠠᠵᠦ ᠪᠤᠢ᠃ | | | | | | | | | | | | | | |