ᠰᠡᠳᠬᠢᠯ ᠤᠨ ᠪᠡᠯᠡᠭ
ᠨᠡᠶᠢᠲᠡᠯᠡᠭᠰᠡᠨ ᠴᠠᠭ᠄
2025/3/31
     ᠥᠪᠡᠷᠰᠡᠳ ᠤᠨ ᠡᠷᠬᠡ ᠪᠠᠨ ᠥᠪᠡᠷ ᠢᠶᠠᠨ ᠲᠡᠮᠡᠴᠡᠵᠦ ᠣᠯᠣᠭᠰᠠᠨ     ᠦᠨᠡᠲᠡᠢ ᠡᠨᠡ ᠵᠢᠳᠬᠦᠯ ᠢ ᠴᠢᠨᠢ ᠳᠡᠯᠡᠬᠡᠢ ᠮᠡᠳᠡᠷᠡᠵᠦ ᠲᠡᠮᠳᠡᠭᠯᠡᠭᠰᠡᠨ ᠶᠤᠮ     ᠦᠶ᠎ᠡ ᠦᠶ᠎ᠡ ᠶᠢᠨ ᠳᠠᠷᠤᠯᠠᠯ ᠬᠠᠷᠠᠩᠭᠤᠢ ᠴᠠᠭ ᠢ ᠦᠯᠳᠡᠭᠰᠡᠨ     ᠥᠮᠥᠭ ᠪᠣᠯᠤᠭᠰᠠᠨ ᠶᠣᠰᠣ ᠶᠢ ᠨᠢ ᠣᠨ ᠵᠢᠯ ᠤᠳ ᠭᠡᠷᠡᠴᠢᠯᠡᠭᠰᠡᠨ ᠶᠤᠮ     ᠦᠨᠡᠬᠡᠷ ᠶᠤᠮ ᠤᠤ ᠳ᠋ᠠ ᠢᠯᠠᠯᠲᠠ ᠪᠠᠨ ᠪᠡᠯᠡᠭᠯᠡᠭᠰᠡᠨ ᠳᠤᠷᠠᠰᠬᠠᠯᠲᠤ ᠡᠳᠦᠷ     ᠥᠨᠥᠳᠥᠷ ᠤᠨ ᠪᠢᠳᠡᠨ ᠳᠤ ᠢᠷᠠᠭᠤ ᠠᠯᠳᠠᠷ ᠢ ᠨᠢ ᠠᠪᠴᠢᠷᠠᠭᠰᠠᠨ ᠶᠤᠮ     ᠦᠯᠡᠮᠵᠢ ᠶᠢᠨ ᠰᠠᠶᠢᠬᠠᠨ ᠪᠦᠭᠦᠨ ᠢᠶᠠᠨ     ᠦᠯᠡᠳᠡᠭᠡᠵᠦ ᠥᠪᠯᠡᠵᠦ ᠢᠷᠡᠭᠰᠡᠨ ᠶᠤᠮ    ᠭᠠᠴᠢᠭᠳᠠᠯ ᠤᠨ ᠡᠰᠡᠷᠭᠦ ᠭᠠᠷ ᠨᠤᠬᠤᠯᠠᠨ ᠵᠣᠭᠰᠣᠭᠰᠠᠨ ᠦᠭᠡᠢ     ᠭᠠᠵᠢᠭᠤ ᠪᠤᠷᠤᠭᠤ ᠶᠢᠨ ᠡᠮᠦᠨ᠎ᠡ ᠠᠴᠠ ᠴᠡᠭᠡᠵᠢ ᠲᠦᠷᠢᠨ ᠪᠣᠰᠣᠭᠰᠠᠨ ᠶᠤᠮ     ᠭᠠᠪᠢᠶ᠎ᠠ ᠮᠠᠭᠲᠠᠭᠠᠯ ᠠᠯᠢᠨ ᠢ ᠨᠢ ᠴᠦ ᠲᠣᠭᠤᠵᠤ ᠬᠠᠷᠠᠭᠰᠠᠨ ᠦᠭᠡᠢ     ᠭᠠᠵᠠᠷ ᠲᠡᠭᠷᠢ ᠶᠢᠨ ᠳᠤᠮᠳᠠ ᠡᠷᠬᠡ ᠴᠢᠯᠦᠭᠡ ᠪᠠᠨ ᠲᠤᠩᠬᠠᠭᠯᠠᠭᠰᠠᠨ ᠶᠤᠮ     ᠭᠠᠶᠢᠬᠠᠮᠠᠷ ᠶᠤᠮ ᠳ᠋ᠠ ᠵᠤᠪᠠᠯᠠᠩ ᠤᠨ ᠡᠴᠦᠰ ᠵᠢᠷᠭᠠᠯᠲᠤ ᠡᠳᠦᠷ     ᠭᠠᠯᠪᠠ ᠳᠡᠯᠡᠬᠡᠢ ᠳᠤ ᠠᠶᠠᠨᠳᠠᠭᠠᠨ ᠦᠷᠭᠦᠯᠵᠢᠯᠡᠵᠦ ᠢᠷᠡᠭᠰᠡᠨ ᠶᠤᠮ        ᠭᠠᠷ ᠭᠠᠷ ᠢᠶᠠᠨ ᠬᠤᠯᠪᠣᠭᠰᠠᠨ ᠪᠠᠶᠠᠷ ᠤᠨ ᠳᠠᠭᠤᠯᠠᠯ ᠡᠭᠡᠰᠢᠭᠯᠡᠵᠦ     ᠭᠠᠷᠠᠭ ᠰᠠᠨᠰᠠᠷ ᠤᠨ ᠣᠷᠣᠨ ᠭᠦᠷᠳᠡᠯ᠎ᠡ ᠴᠤᠤᠷᠢᠶᠠᠯᠠᠭᠰᠠᠨ ᠶᠤᠮ     ᠭᠠᠯ ᠤᠰᠤ ᠭᠦᠷᠳᠡᠯ᠎ᠡ ᠬᠠᠰᠢᠵᠤ ᠴᠢᠳᠠᠳᠠᠭ ᠦᠭᠡᠢ     ᠭᠠᠷᠴᠠᠭ᠎ᠠ ᠦᠭᠡᠢ ᠪᠡᠶᠡᠯᠡᠬᠦ ᠮᠥᠷᠥᠭᠡᠳᠦᠯ ᠤᠨ ᠢᠶᠠᠨ ᠵᠦᠭ ᠲᠡᠮᠡᠦᠯᠦᠭᠡᠳ     ᠭᠠᠩᠳᠠᠨ ᠪᠠᠭᠤᠷᠠᠰᠢ ᠦᠭᠡᠢ ᠴᠤᠭ ᠵᠢᠪᠬᠤᠭ᠎ᠠ ᠪᠠᠨ ᠪᠠᠳᠠᠷᠠᠭᠤᠯᠤᠭᠰᠠᠨ ᠶᠤᠮ 
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号