ᠲᠠᠷᠭᠤᠨ ᠨᠠᠭᠤᠷ ᠤᠨ ᠳᠤᠷᠠᠰᠤᠮᠵᠢ
ᠨᠡᠶᠢᠲᠡᠯᠡᠭᠰᠡᠨ ᠴᠠᠭ᠄
2018-09-25
   ᠬᠤᠷᠢᠨ ᠣᠨ ᠤ ᠴᠠᠭᠠᠨ᠎ᠠ ᠪᠠᠶᠢᠵᠤ ᠪᠢᠯᠡ᠃ ︽ᠥᠯᠦᠭᠡᠢ ᠨᠤᠲᠤᠭ ᠤᠨ ᠦᠵᠡᠮᠵᠢ ᠶᠢᠨ ᠣᠬᠢ︾ ᠬᠡᠮᠡᠨ ᠲᠠᠷᠭᠤᠨ ᠨᠠᠭᠤᠷ ᠤᠨ ᠳᠣᠬᠠᠢ ᠡᠩ ᠶᠡᠷᠦᠮᠳᠡᠭ ᠨᠠᠶᠢᠷᠠᠭᠤᠯᠤᠯ ᠪᠢᠴᠢᠵᠦ ᠣᠷᠣᠨ ᠨᠤᠲᠤᠭ ᠤᠨ ᠮᠤᠩᠭᠤᠯ ᠰᠣᠨᠢᠨ ᠰᠡᠦᠨᠬᠦᠯ ᠳᠡᠭᠡᠨ ᠨᠡᠶᠢᠲᠡᠯᠡᠭᠦᠯᠵᠦ᠂ ᠲᠠᠷᠭᠤᠨ ᠨᠠᠭᠤᠷ ᠢᠶᠠᠨ ᠬᠤᠷᠸ᠎ᠠ ᠳᠡᠯᠡᠬᠡᠢ ᠶᠢᠨ ᠬᠤᠲᠠᠯᠠ ᠣᠯᠠᠨ ᠳᠤ ᠮᠡᠳᠡᠭᠦᠯᠦᠨ ᠭᠠᠶᠢᠬᠠᠭᠤᠯᠵᠤ ᠬᠤᠪᠢ ᠪᠡᠶ᠎ᠡ ᠪᠠᠷ ᠢᠶᠠᠨ ᠬᠥᠭᠰᠡᠨ ᠪᠠᠶᠠᠰᠴᠤ ᠪᠠᠶᠢᠬᠰᠠᠨ᠃ ᠣᠳᠣᠬᠠᠨ ᠳᠤ ᠲᠠᠷᠭᠤᠨ ᠨᠠᠭᠤᠷ ᠮᠠᠨᠢ ᠤᠰᠤ ᠪᠠᠨ ᠠᠯᠳᠠᠵᠤ ᠦᠵᠡᠮᠵᠢ ᠪᠠᠨ ᠪᠠᠷᠠᠵᠤ ᠤᠤᠭᠠᠯ ᠨᠡᠷ᠎ᠡ ᠨᠢ ᠴᠤ ᠲᠡᠶᠢᠮᠦ ᠣᠯᠠᠨ ᠶᠠᠷᠢᠬᠳᠠᠬᠤ ᠪᠠᠨ ᠪᠠᠶᠢᠵᠤ ᠳᠠᠮᠠᠢ ᠠᠷᠪᠢᠨ ᠰᠣᠨᠤᠰᠳᠠᠬᠤ ᠪᠠᠨ ᠪᠣᠯᠢᠵᠠᠢ᠃ ᠨᠡᠬᠡᠷᠡᠨ ᠬᠠᠷᠠᠮᠰᠠᠯ ᠪᠣᠯᠵᠤ ᠰᠠᠨᠠᠬᠳᠠᠨ᠎ᠠ ᠪᠢᠯᠡ᠃ ᠡᠶᠢᠨᠬᠦ ᠲᠠᠷᠭᠤᠨ ᠨᠠᠭᠤᠷ ᠮᠠᠨᠢ ᠬᠡᠳᠦᠶᠢᠪᠡᠷ ᠬᠠᠲᠠᠨ ᠰᠢᠷᠭᠢᠵᠦ ᠪᠠᠷ᠎ᠠ ᠲᠠᠰᠤ ᠪᠣᠯᠤᠬᠰᠠᠨ ᠪᠣᠯᠪᠠᠴᠤ ᠠᠯᠳᠠᠷ ᠨᠡᠷ᠎ᠡ ᠶᠢ ᠨᠢ ᠠᠰᠢᠳᠠ ᠮᠥᠩᠬᠡᠷᠡᠭᠦᠯᠦᠶ᠎ᠡ ᠬᠡᠮᠡᠨ ᠪᠣᠳᠤᠵᠤ ᠬᠤᠪᠢ ᠪᠡᠶ᠎ᠡ ᠨᠢᠭᠡᠨ ᠨᠣᠮ ᠢᠶᠠᠨ ︽ᠲᠠᠷᠭᠤᠨ ᠨᠠᠭᠤᠷ︾ ᠬᠡᠮᠡᠨ ᠨᠡᠷᠡᠯᠡᠭᠰᠡᠨ ᠪᠠᠶᠢᠵᠤ ᠡᠳᠦᠭᠡ ᠡᠨᠡ ᠬᠦ ︽ᠲᠠᠷᠭᠤᠨ ᠨᠠᠭᠤᠷ ᠤᠨ ᠳᠤᠷᠠᠰᠤᠮᠵᠢ︾ ᠪᠠᠨ ᠳᠥᠭᠦᠮᠬᠡᠨ ᠲᠣᠭᠤᠷᠪᠢᠨ ᠪᠢᠴᠢᠭᠰᠡᠨ ᠮᠢᠨᠢ ᠡᠨᠡ ᠪᠠᠶᠢᠨᠠᠮ᠃    ᠲᠠᠷᠭᠤᠨ ᠨᠠᠭᠤᠷ ᠮᠠᠨ ᠤ ᠪᠠᠭᠠᠪᠡᠷᠬᠡ ᠶᠢᠨ ᠡᠮᠦᠨ᠎ᠡ ᠡᠩᠭᠡᠷ ᠲᠤ ᠣᠷᠤᠰᠢᠨ᠂ ᠨᠠᠢᠮᠠᠨ ᠬᠤᠰᠢᠭᠤᠨ ᠤ ᠲᠥᠪ ᠪᠠᠯᠭᠠᠰᠤ ᠳᠠᠴᠢᠨᠲᠠᠯ᠎ᠠ ᠠᠴᠠ ᠪᠠᠷᠠᠭᠤᠨ ᠬᠤᠶᠢᠳᠤ ᠴᠢᠭᠯᠡᠯ ᠳᠠᠬᠢ 10 ᠭᠠᠵᠠᠷ ᠤᠨ ᠵᠠᠢ ᠲᠠᠢ ᠪᠠᠶᠢᠷᠢᠰᠢᠵᠤ ᠪᠠᠶᠢᠬᠰᠠᠨ ᠃ ᠪᠠᠭᠠᠪᠡᠷᠬᠡ ᠶᠢᠨ ᠰᠠᠭᠤᠭ᠎ᠠ ᠰᠤᠮᠤ ᠶᠢᠨ ᠲᠥᠪ ᠡᠴᠡ‌‍ᠲ᠋ᠠᠴᠢᠨᠲᠠᠯ᠎ᠠ ᠬᠦᠷᠬᠦ ᠵᠠᠰᠠᠮᠠᠯ ᠵᠠᠮ ᠶᠠᠭ ᠰᠠᠶᠢᠬᠠᠨ ᠲᠠᠷᠭᠤᠨ ᠨᠠᠭᠤᠷ ᠤᠨ  ᠵᠡᠭᠦᠨ ᠵᠠᠬ᠎ᠠ ᠪᠠᠷ ᠭᠠᠷᠳᠠᠭ ᠪᠠᠶᠢᠵᠠᠢ᠃ ᠲᠣᠬᠠᠢ ᠶᠢᠨ ᠦᠶ᠎ᠡ ᠳᠤ ᠳᠠᠴᠢᠨᠲᠠᠯ᠎ᠠ ᠬᠦᠷᠬᠦᠶ᠎ᠡ ᠲᠠᠷᠭᠤᠨ ᠨᠠᠭᠤᠷ ᠨᠢ ᠵᠠᠮ ᠤᠨ ᠳᠣᠮᠳᠠᠬᠢ ᠨᠢᠭᠡᠨ ᠣᠨᠴᠠ ᠰᠠᠶᠢᠨ ᠰᠡᠦᠨᠬᠢᠯ ᠢ ᠰᠡᠷᠭᠦᠭᠡᠨ ᠰᠠᠨᠠᠭ᠎ᠠ ᠶᠢ ᠠᠷᠢᠭᠤᠣᠨᠬᠠᠬᠤ ᠦᠵᠡᠮᠵᠢ ᠶᠢᠨ ᠰᠠᠶᠢᠬᠠᠨ ᠲᠠᠷᠬᠠᠨ ᠣᠷᠣᠨ ᠪᠠᠶᠢᠵᠤ  ᠂  ᠪᠣᠳᠤᠯ ᠤᠨ ᠪᠣᠷᠳᠤᠭ ᠪᠡᠶ᠎ᠡ ᠶᠢᠨ ᠭᠬᠢᠷ ᠢ ᠪᠦᠬᠦᠨ ᠢ ᠠᠷᠢᠯᠭᠠᠨ  ᠤᠶᠢᠯᠡᠴᠢᠯᠡᠳᠡᠭ ᠪᠠᠶᠢᠬᠰᠠᠨ᠃    ᠵᠠᠷᠢᠮ‌‍ᠪᠢᠴᠢᠭ ᠲᠤ ᠲᠠᠷᠭᠤᠨ ᠨᠠᠭᠤᠷ  ᠢ ᠯᠢᠶᠣᠤ ᠤᠯᠤᠰ ᠤᠨ ᠦᠶ᠎ᠡ ᠳᠤ ᠪᠤᠢ ᠪᠣᠯᠵᠠᠢ ᠬᠡᠮᠡᠨ ᠲᠡᠮᠳᠡᠭᠯᠠᠵᠦ ᠵᠠᠷᠢᠮ  ᠮᠡᠳᠡᠭᠡᠯᠡᠯ ᠳᠤ ᠶᠤᠸᠠᠨ ᠤᠯᠤᠰ ᠤᠨ ᠦᠶᠡᠰ ᠲᠤ ᠪᠤᠢ ᠪᠣᠯᠵᠠᠢ ᠭᠡᠵᠦ ᠪᠠᠶᠢᠨ᠎ᠠ᠃ ᠶᠠᠭᠤ ᠪᠣᠯᠤᠬᠰᠠᠨ ᠴᠤ ᠬᠡᠳᠦᠨ ᠵᠠᠭᠤ ᠮᠢᠩᠭᠠᠭᠠᠳ ᠣᠨ ᠤ ᠲᠡᠦᠬᠡ ᠲᠠᠢ ᠨᠠᠭᠤᠷ ᠪᠣᠯᠤᠨ᠎ᠠ᠃ ᠲᠠᠷᠭᠤᠨ ᠨᠠᠭᠤᠷ ᠲᠤ ᠬᠤᠷᠢ ᠭᠠᠷᠤᠢ ᠲᠥᠷᠥᠯ ᠤᠨ ᠵᠢᠭᠠᠰᠤ ᠪᠠᠶᠢᠵᠤ᠂ ᠡᠭᠦᠨ ᠳᠤ ᠤᠯᠠᠭᠠᠨ ᠰᠡᠭᠦᠯᠲᠦ ᠮᠥᠷᠭᠦ ᠵᠢᠭᠠᠰᠤ ᠳᠡᠯᠡᠬᠡᠢ ᠲᠠᠶᠠᠭᠠᠷ ᠠᠯᠳᠠᠷᠰᠢᠵᠠᠢ᠃ ᠲᠠᠷᠭᠤᠨ ᠨᠠᠭᠤᠷ ᠤᠨ ᠤᠯᠠᠭᠠᠨ ᠰᠡᠭᠦᠯᠲᠦ ᠮᠥᠷᠭᠦ ᠵᠢᠭᠠᠰᠤ ᠶᠢᠨ ᠬᠠᠶᠢᠷ ᠨᠢ ᠲᠥᠭᠦᠷᠢᠭ᠂ ᠪᠦᠬᠦ ᠪᠡᠶ᠎ᠡ ᠨᠢ ᠤᠯᠠᠭᠠᠪᠲᠤᠷ᠂ ᠠᠮᠲᠠ ᠨᠢ ᠰᠢᠨ᠎ᠡ ᠰᠣᠷᠭᠤᠭ ᠪᠠᠶᠢᠳᠠᠭ᠃1972 ᠣᠨ ᠳᠤ ᠶᠠᠫᠤᠨ ᠤ ᠲᠡᠷᠢᠭᠦᠨ ᠰᠠᠶᠢᠳ ᠳᠣᠮᠳᠠᠳᠤ ᠤᠯᠤᠰ ᠲᠤ ᠠᠶᠢᠯᠴᠢᠯᠠᠬᠤ ᠳᠠᠭᠠᠨ᠂ ᠵᠸᠦ ᠡᠸ᠋ᠨ ᠯᠠᠢ ᠶᠡᠷᠦᠩᠬᠡᠢ ᠰᠠᠶᠢᠳ ᠲᠤ᠂ ᠨᠠᠢᠮᠠᠨ ᠬᠤᠰᠢᠭᠤᠨ ᠤ ᠤᠯᠠᠭᠠᠨ ᠰᠡᠭᠦᠯᠲᠦ ᠮᠥᠷᠭᠦ ᠵᠢᠭᠠᠰᠤ ᠶᠢ ᠢᠳᠡᠵᠦ ᠥᠩᠭᠡᠷᠡᠵᠡᠢ᠂ ᠥᠨᠦᠷ ᠠᠮᠲᠠ ᠶᠢ ᠨᠢ ᠣᠳᠤ ᠪᠣᠯᠲᠠᠯ᠎ᠠ ᠮᠠᠷᠲᠠᠭ᠎ᠠ ᠦᠭᠡᠢ ᠭᠡᠰᠡᠨ ᠪᠦᠭᠡᠦᠨ ᠵᠸᠦ ᠶᠡᠷᠦᠩᠬᠡᠢ ᠰᠠᠶᠢᠳ ᠢ ᠲᠣᠰ ᠵᠢᠭᠠᠰᠤ ᠶᠢ ᠠᠮᠲᠠᠯᠠᠭᠤᠯᠬᠤ ᠶᠢ ᠬᠦᠰᠡᠵᠡᠢ  ᠭᠡᠨ᠎ᠡ᠃ ᠡᠭᠦᠪᠡᠷ ᠵᠸᠦ ᠶᠡᠷᠦᠩᠬᠡᠢ ᠰᠠᠶᠢᠳ ᠤᠨ ᠲᠣᠬᠢᠷᠠᠭᠤᠯᠭ᠎ᠠ ᠪᠠᠷ ᠲᠠᠷᠭᠤᠨ ᠨᠠᠭᠤᠷ ᠤᠨ ᠤᠯᠠᠭᠠᠨ ᠰᠡᠭᠦᠯᠲᠦ ᠮᠥᠷᠭᠦ ᠵᠢᠭᠠᠰᠤ ᠤᠯᠤᠰ ᠤᠨ ᠳᠠᠶᠢᠯᠠᠯᠭ᠎ᠠ ᠶᠢᠨ ᠨᠡᠷᠡᠲᠦ ᠢᠳᠡᠭᠡᠨ ᠪᠣᠯᠤᠬᠰᠠᠨ ᠪᠠᠶᠢᠨ᠎ᠠ᠃1990 ᠣᠨ ᠳᠤ ᠰᠣᠯᠤᠩᠭᠤᠰ ᠤᠨ ᠤᠳᠤᠷᠢᠳᠤᠬᠴᠢ ᠶᠢᠨ ᠿᠢ ᠴᠧᠩ ᠳᠣᠮᠳᠠᠳᠤ ᠤᠯᠤᠰ ᠲᠤ ᠠᠶᠢᠯᠴᠢᠯᠠᠭᠠᠳ ᠮᠦᠨ ᠡᠨᠡ ᠬᠦ ᠤᠯᠠᠭᠠᠨ ᠰᠡᠭᠦᠯᠲᠦ ᠮᠥᠷᠭᠦ ᠵᠢᠭᠠᠰᠤ ᠶᠢ ᠠᠮᠲᠠᠯᠠᠬᠤ ᠬᠦᠰᠡᠯ ᠲᠠᠢ ᠪᠠᠨ ᠶᠠᠷᠢᠵᠠᠢ᠃ ᠡᠭᠦᠨ ᠠᠴᠠ ᠲᠣᠰ ᠵᠢᠭᠠᠰᠤ  ᠨᠢ  ᠶᠢᠨ ᠿᠢ ᠴᠧᠩ ᠤᠨ ᠨᠠᠰᠤᠨ ᠪᠠᠶᠠᠷ ᠢ ᠪᠡᠯᠡᠭᠯᠡᠬᠦ ᠢᠳᠡᠭᠡᠨ ᠪᠣᠯᠵᠤ ᠰᠣᠯᠤᠩᠭᠤᠰ ᠲᠤ ᠬᠦᠷᠭᠡᠭᠳᠡᠭᠰᠡᠨ ᠪᠠᠶᠢᠨ᠎ᠠ᠃ ︽ᠮᠢᠩᠭᠠᠨ ᠣᠨ ᠤ ᠵᠢᠭᠠᠰᠤᠨ ᠦᠷ᠎ᠡ︾ ᠭᠡᠳᠡᠭ᠃ ᠲᠠᠷᠭᠤᠨ ᠨᠠᠭᠤᠷ ᠳᠠᠬᠢᠨ ᠰᠡᠷᠭᠦᠨ ᠪᠤᠢ ᠪᠣᠯᠪᠠᠯ ᠤᠯᠠᠭᠠᠨ ᠰᠡᠭᠦᠯᠲᠦ ᠮᠥᠷᠭᠦ ᠵᠢᠭᠠᠰᠤ ᠦᠷᠡᠵᠢᠨ ᠲᠥᠯᠵᠢᠬᠦ ᠨᠢ ᠯᠠᠪᠲᠠᠢ ᠪᠠᠶᠢᠭ᠎ᠠ᠃    ᠨᠠᠢᠮᠠᠨ ᠨᠤᠲᠤᠭ ᠤᠨ ᠨᠡᠷ᠎ᠡ ᠠᠯᠳᠠᠷ ᠡᠬᠢ ᠪᠠᠶᠠᠯᠢᠭ ᠢ ᠨᠠᠷᠠᠳᠣ ᠬᠤᠷᠸ᠎ᠠ ᠳᠤ ᠳᠠᠭᠤᠷᠢᠰᠤᠭᠤᠯᠤᠨ ᠥᠩᠭᠡ ᠦᠵᠡᠮᠵᠢ ᠪᠠᠨ ᠣᠷᠣᠨ ᠨᠤᠲᠤᠭ ᠲᠠᠭᠠᠨ ᠭᠠᠶᠢᠬᠠᠭᠤᠯᠵᠤ ᠠᠬᠰᠠᠨ ᠲᠠᠷᠭᠤᠨ ᠨᠠᠭᠤᠷ ᠮᠠᠨᠢ ᠣᠯᠠᠨ ᠵᠦᠢᠯ ᠤᠨ ᠤᠴᠢᠷ ᠰᠢᠯᠲᠠᠭᠠᠨ ᠠᠴᠠ ᠪᠣᠯᠵᠤ ᠨᠢᠭᠡ ᠮᠡᠳᠡᠬᠦ ᠳᠤ ᠨᠡᠶᠢᠲᠡ ᠶᠢᠨ ᠣᠨ ᠲᠣᠭᠠᠯᠠᠯ ᠤᠨ2001 ᠣᠨ ᠤ5 ᠰᠠᠷ᠎ᠠ ᠶᠢᠨ ᠳᠣᠮᠳᠠᠴᠢ ᠪᠠᠷ ᠳᠡᠯᠡᠬᠡᠢ ᠶᠢᠨ ᠪᠥᠮᠪᠦᠷᠴᠡᠭ ᠠᠴᠠ ᠠᠶᠠᠷᠯᠠᠨ ᠣᠣᠨᠴᠠᠢ᠃ ᠡᠶᠢᠨᠬᠦ᠂ ᠨᠠᠢᠮᠠᠨ ᠨᠤᠲᠤᠭ ᠤᠨ ᠬᠦᠮᠦᠰ ᠢ ᠪᠠᠭᠲᠠᠭᠠᠬᠰᠠᠨ ᠨᠤᠲᠤᠭ ᠤᠰᠤᠨ ᠳᠠᠭᠠᠨ ᠬᠠᠶᠢᠷᠠᠲᠠᠢ ᠲᠡᠷᠡ ᠣᠯᠠᠨ ᠬᠦᠮᠦᠰ ᠤᠨ ᠰᠡᠦᠨᠬᠢᠯ ᠳᠤ ᠬᠠᠷᠠᠮᠰᠠᠯ ᠬᠠᠷᠭᠤᠰᠤᠯ ᠬᠠᠮᠳᠤ ᠪᠠᠷ ᠪᠠᠭᠤᠬᠰᠠᠨ ᠪᠠᠶᠢᠭ᠎ᠠ᠃    ᠡᠷᠲᠡᠮᠲᠡᠦᠨ ᠤᠨ ᠦᠵᠡᠬᠦ ᠪᠠᠷ᠂ ᠬᠦᠮᠦᠨ ᠲᠥᠷᠦᠯᠬᠢᠲᠡᠨ ᠤ ᠵᠣᠬᠢᠰ ᠦᠭᠡᠢ ᠠᠵᠤ ᠠᠬᠤᠢ ᠶᠢᠨ ᠠᠵᠢᠯᠯᠠᠭ᠎ᠠ᠂ ᠣᠨᠴᠠᠭᠠᠶᠢᠯᠠᠨ ᠪᠡᠯᠴᠢᠭᠡᠷ ᠤᠨ ᠳᠠᠭᠠᠭᠠᠴᠠ ᠠᠴᠠ ᠬᠡᠳᠦᠷᠡᠲᠡᠯ᠎ᠡ ᠮᠠᠯᠵᠢᠬᠰᠠᠨ᠂ ᠳᠤᠷ᠎ᠠ ᠪᠠᠷ ᠠᠲᠠᠷ ᠬᠠᠭᠠᠯᠪᠤᠷᠢᠯᠠᠨ ᠲᠠᠷᠢᠶᠠᠯᠠᠩ ᠤᠨ ᠲᠠᠯᠠᠪᠠᠢ ᠶᠢ ᠥᠷᠭᠡᠵᠢᠭᠦᠯᠦᠭᠰᠡᠨ᠂ ᠲᠠᠷᠭᠤᠨ ᠨᠠᠭᠤᠷ ᠤᠨ ᠤᠰᠤᠨ ᠤ ᠡᠬᠢ ᠪᠠᠶᠠᠯᠢᠭ ᠤᠨ ᠳᠠᠭᠠᠭᠠᠴᠠ ᠠᠴᠠ ᠬᠡᠳᠦᠷᠡᠲᠡᠯ᠎ᠡ ᠵᠢᠭᠠᠰᠤᠨ ᠤ ᠠᠵᠤ ᠤᠶᠢᠯᠡᠰ ᠢ ᠬᠥᠭᠵᠢᠭᠦᠯᠦᠭᠰᠡᠨ ᠪᠣᠯ ᠲᠠᠷᠭᠤᠨ ᠨᠠᠭᠤᠷ ᠤᠨ ᠰᠢᠷᠭᠢᠨ ᠬᠠᠲᠠᠬᠰᠠᠨ ᠴᠢᠬᠤᠯᠠ ᠰᠢᠯᠲᠠᠭᠠᠨ ᠪᠣᠯᠬᠤ ᠶᠤᠮ᠃ ᠡᠭᠦᠨ ᠤ ᠬᠠᠮᠳᠤ ᠳᠠᠰᠤᠷᠠᠯᠲᠠ ᠦᠭᠡᠢ ᠬᠡᠴᠡᠭᠦᠳᠡᠭᠰᠡᠨ ᠠᠭᠤᠷ ᠠᠮᠢᠰᠬᠤᠯ ᠤᠨ ᠨᠥᠭᠦᠴᠡᠯ ᠨᠢ ᠲᠠᠷᠭᠤᠨ ᠨᠠᠭᠤᠷ ᠤᠨ ᠠᠮᠢ ᠠᠬᠤᠢ ᠶᠢᠨ ᠲᠡᠩᠴᠡᠭᠦᠷᠢ ᠶᠢ ᠨᠡᠩ ᠬᠡᠪᠡᠷᠡᠭ ᠪᠣᠯᠭᠠᠵᠤ ᠲᠠᠷᠭᠤᠨ ᠨᠠᠭᠤᠷ ᠤᠨ ᠰᠢᠷᠭᠢᠬᠦ ᠶᠢ ᠲᠥᠷᠭᠡᠦᠨᠬᠡᠵᠡᠢ ᠭᠡᠵᠦ ᠪᠤᠢ᠃ ᠥᠭᠡᠷ᠎ᠡ ᠪᠠᠷ ᠬᠡᠯᠡᠪᠡᠯ᠂ ᠬᠦᠮᠦᠨ ᠤ ᠬᠥᠴᠥᠰᠦ ᠪᠣᠯᠣᠨ ᠠᠭᠤᠷ ᠠᠮᠢᠰᠬᠤᠯ ᠤᠨ ᠬᠥᠴᠥᠰᠦ ᠶᠢᠨ ᠬᠠᠮᠳᠤ ᠶᠢᠨ ᠨᠥᠯᠦᠭᠡᠯᠡᠯ ᠨᠢ ᠲᠠᠷᠭᠤᠨ ᠨᠠᠭᠤᠷ ᠤᠨ ᠰᠢᠷᠭᠢᠬᠦ ᠬᠠᠨᠳᠤᠰᠢ ᠶᠢ ᠪᠤᠢ ᠪᠣᠯᠭᠠᠵᠠᠢ᠃ ᠲᠠᠷᠭᠤᠨ ᠨᠠᠭᠤᠷ ᠤᠨ ᠣᠷᠴᠢᠨ ᠲᠣᠭᠤᠷᠢᠨ ᠤ ᠣᠳᠣᠬᠢ ᠪᠠᠶᠢᠭᠠᠯᠢ ᠠᠮᠢ ᠠᠬᠤᠢ ᠶᠢ ᠰᠠᠶᠢᠳᠤᠷ ᠬᠠᠮᠠᠭᠠᠯᠠᠬᠤ ᠳᠤ ᠡᠷᠬᠡᠪᠰᠢ ᠬᠦᠮᠦᠨ ᠲᠥᠷᠦᠯᠬᠢᠲᠡᠨ ᠤ ᠵᠣᠬᠢᠰ ᠦᠭᠡᠢ ᠠᠵᠢᠯᠯᠠᠭ᠎ᠠ ᠶᠢ ᠬᠤᠷᠢᠬᠯᠠᠬᠤ ᠪᠠᠷ ᠭᠤᠤᠯᠳᠠᠯᠭ᠎ᠠ ᠪᠣᠯᠭᠠᠵᠤ᠂ ᠲᠠᠷᠭᠤᠨ ᠨᠠᠭᠤᠷ ᠤᠨ ᠣᠷᠴᠢᠨ ᠤ ᠣᠶᠢᠵᠢᠭᠤᠯᠤᠯᠲᠠ ᠶᠢᠨ ᠪᠦᠳᠦᠭᠡᠨ ᠪᠠᠶᠢᠭᠤᠯᠤᠯᠲᠠ ᠶᠢ ᠰᠠᠶᠢᠳᠤᠷ ᠬᠢᠪᠡᠯ ᠰᠠᠶ᠋ᠢ ᠲᠠᠷᠭᠤᠨ ᠨᠠᠭᠤᠷ ᠤᠨ ᠪᠠᠶᠢᠭᠠᠯᠢ ᠠᠮᠢ ᠠᠬᠤᠢ ᠶᠢᠨ ᠥᠷᠬᠦᠯᠵᠢᠯᠡᠨ ᠡᠪᠳᠡᠭᠳᠡᠬᠦ ᠶᠢ ᠬᠤᠷᠢᠬᠯᠠᠵᠤ ᠴᠢᠳᠠᠨ᠎ᠠ ᠭᠡᠵᠦ  ᠡᠷᠳᠡᠮᠲᠡᠳ‌ᠦᠵᠡᠬᠦ ᠶᠢᠨ ᠳᠠᠭᠠᠤ ᠤᠷᠢᠶᠠᠯᠠᠵᠤ ᠪᠠᠶᠢᠨ᠎ᠠ᠃    ᠲᠠᠷᠭᠤᠨ ᠨᠠᠭᠤᠷ ᠮᠠᠨᠢ ᠳᠠᠬᠢᠨᠲᠠ ᠰᠡᠷᠭᠦᠨ ᠪᠤᠢ ᠪᠣᠯᠤᠭᠠᠰᠠᠢ︕ ᠤᠯᠠᠭᠠᠨ ᠰᠡᠭᠦᠯᠲᠦ ᠮᠥᠷᠭᠦ ᠵᠢᠭᠠᠰᠤ ᠲᠥᠯᠵᠢᠨ ᠦᠷᠡᠵᠢᠭᠡᠰᠡᠢ︕    ᠲᠠᠷᠭᠤᠨ ᠨᠠᠭᠤᠷ ᠲᠡᠦᠬᠡᠨ ᠨᠠᠭᠤᠷ ᠳᠡᠷᠭᠡᠲᠡ ᠪᠠᠶᠢᠬᠰᠠᠨ ᠲᠡᠷᠭᠡᠯ  ᠨᠠᠭᠤᠷ ᠲᠠ ᠪᠢᠳᠡᠨ ᠤ ᠳᠤᠷᠠᠰᠤᠮᠵᠢ ᠨᠠᠭᠤᠷ ᠡ᠃                                           (ᠯᠢ ᠪᠤᠶᠠᠨᠴᠤᠬᠯᠠ)
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06000874号